ᠲᠦᠷᠺᠦ᠋ ᠶᠢᠨ ᠬᠢᠲᠤᠭ᠎ᠠ ᠪᠠᠷᠢᠵᠤ ᠬᠡᠷᠴᠡᠭᠡᠶᠢᠯᠡᠭᠰᠡᠨ ᠬᠡᠷᠡᠭ ᠰᠦᠷᠲᠡᠬᠦᠯᠦᠯ ᠤᠨ ᠲᠠᠭᠠᠷᠢᠯᠲᠠ ᠶᠢᠨ ᠰᠡᠵᠢᠭᠯᠡᠯ ᠲᠠᠢ ᠭᠡᠵᠦ ᠹᠢᠨᠯᠠᠨᠳ᠋ ᠤᠨ ᠴᠠᠭᠲᠠᠭ᠎ᠠ ᠤᠨᠴᠠᠯᠠᠨ᠎ᠠ 2017-08-20 11:17

    ᠰᠢᠨᠬᠤᠧᠠ ᠬᠤᠷᠢᠶ᠎ᠠ   ᠹᠢᠨᠯᠠᠨᠳ᠋ ᠤᠨ ᠲᠦᠷᠺᠦ᠋ ᠶᠢᠨ 8 ᠰᠠᠷ᠎ᠠ ᠶᠢᠨ 19 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠢ ᠵᠢᠢ ᡁᠢ᠂ ᠰᠢᠦᠢ ᠴᠢᠶᠠᠨ ) 19 ᠤ ᠡᠲᠦᠷ᠂ ᠹᠢᠨᠯᠠᠨᠳ᠋ ᠤᠨ ᠴᠠᠭᠲᠠᠭᠠᠨ ᠤ ᠬᠢᠨ ᠢᠯᠡᠷᠬᠡᠶᠢᠯᠡᠯᠲᠡ ᠨᠡᠶᠢᠲᠡᠯᠡᠵᠦ᠂ 18 ᠤ ᠡᠲᠦᠷ ᠲᠦᠷᠺᠦ᠋ ᠳ᠋ᠤ ᠭᠠᠷᠤᠭᠰᠠᠨ ᠬᠢᠲᠤᠭ᠎ᠠ ᠪᠠᠷᠢᠵᠤ ᠬᠡᠷᠴᠡᠭᠡᠶᠢᠯᠡᠭᠰᠡᠨ ᠬᠡᠷᠡᠭ ᠰᠦᠷᠲᠡᠬᠦᠯᠦᠯ ᠤᠨ ᠲᠠᠭᠠᠷᠢᠯᠲᠠ ᠪᠠᠶᠢᠵᠤ ᠶᠠᠭ ᠪᠠᠶᠢᠴᠠᠭᠠᠵᠤ ᠪᠠᠶᠢᠨ᠎ᠡ ᠭᠡᠵᠦ ᠤᠨᠴᠠᠯᠠᠪᠠ᠃

    ᠢᠯᠡᠷᠬᠡᠶᠢᠯᠡᠯᠲᠡ ᠳ᠋ᠤ᠂ ᠬᠢᠲᠤᠭ᠎ᠠ ᠪᠠᠷᠢᠭᠴᠢ ᠪᠤᠯ 18 ᠨᠠᠰᠤᠲᠠᠢ ᠮᠤᠨᠠᠺᠦ ᠶᠢᠨ ᠢᠷᠭᠡᠨ᠂ ᠲᠠᠭᠠᠷᠢᠯᠲᠠ ᠶᠢᠨ ᠦᠶ᠎ᠠ ᠪᠡᠷ ᠴᠠᠭᠲᠠᠭ᠎ᠠ ᠳ᠋ᠤ ᠫᠤᠤᠲᠠᠭᠲᠠᠵᠤ ᠤᠲᠤᠬᠠᠨ ᠳ᠋ᠤ ᠲᠦᠷᠺᠦ᠋ ᠶᠡᠬᠡ ᠰᠤᠷᠭᠠᠭᠤᠯᠢ ᠶᠢᠨ ᠡᠮᠨᠡᠯᠭᠡ ᠳ᠋ᠤ ᠡᠮᠴᠢᠯᠡᠬᠦᠯᠵᠦ ᠪᠠᠶᠢᠨ᠎ᠠ ᠭᠡᠵᠡᠢ᠃

    ᠬᠡᠷᠡᠭ ᠲᠤ ᠹᠢᠨᠯᠠᠨᠳ᠋ ᠤᠨ ᠬᠤᠶᠠᠷ ᠢᠷᠭᠡᠨ ᠠᠮᠢ ᠪᠠᠨ ᠠᠯᠲᠠᠵᠤ᠂ 8 ᠰᠢᠷᠬᠠᠲᠤᠭᠰᠠᠳ ᠡᠴᠡ ᠨᠢᠭᠡ ᠨᠢ ᠢᠲ᠋ᠠᠯᠢ ᠶᠢᠨ ᠢᠷᠭᠡᠨ᠂ ᠬᠤᠶᠠᠷ ᠨᠢ ᠰᠧᠧᠳᠧᠨ ᠶᠢᠨ ᠢᠷᠭᠡᠨ᠂ ᠤᠲᠤᠬᠠᠨ ᠳ᠋ᠤ 3 ᠰᠢᠷᠬᠠᠲᠤᠭᠰᠠᠳ ᠤᠨ ᠰᠢᠷᠬ᠎ᠠ ᠨᠢ ᠬᠦᠨᠳᠦ ᠪᠠᠶᠢᠨ᠎ᠠ ᠭᠡᠵᠦ ᠲᠤᠬᠠᠢ ᠶᠢᠨ ᠤᠷᠤᠨ ᠤ ᠴᠠᠭᠲᠠᠭᠠᠨ ᠤ ᠬᠢᠨ ᠤᠨᠴᠠᠯᠠᠵᠠᠢ᠃

    18 ᠤ ᠡᠲᠦᠷ ᠤᠨ ᠦᠲᠡ ᠡᠴᠡ ᠬᠤᠶᠢᠨ᠎ᠠ᠂ ᠹᠢᠨᠯᠠᠨᠳ᠋ ᠤᠨ ᠪᠠᠷᠠᠭᠤᠨ ᠡᠮᠦᠨ᠎ᠡ ᠪᠦᠰᠡ ᠶᠢᠨ ᠲᠦᠷᠺᠦ᠋ ᠬᠤᠲᠠ ᠶᠢᠨ ᠲᠦᠪ ᠤᠨ ᠬᠤᠶᠠᠷ ᠭᠠᠵᠠᠷ ᠲᠤ ᠵᠠᠯᠭᠠᠪᠡᠷ ᠬᠤᠶᠠᠷ ᠤᠲᠠᠭ᠎ᠠ ᠬᠢᠲᠤᠭ᠎ᠠ ᠪᠠᠷᠢᠵᠤ ᠬᠡᠷᠴᠡᠭᠡᠶᠢᠯᠡᠭᠰᠡᠨ ᠬᠡᠷᠡᠭ ᠭᠠᠷᠴᠤ᠂ 2 ᠬᠦᠮᠦᠨ ᠠᠮᠢ ᠠᠯᠲᠠᠵᠤ᠂ 8 ᠬᠦᠮᠦᠨ ᠰᠢᠷᠬᠠᠲᠤᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121511702