蒙古文网站Logo
ᠰᠢᠨᠬᠤᠸᠠ ᠮᠤᠩᠭ᠋ᠤᠯ ᠨᠧᠲ

ᠰᠢᠷᠢᠶ᠎ᠠ ᠳ᠋ᠤ ᠤᠷᠤᠰ ᠤᠨ ᠠᠭᠠᠷ ᠤᠨ ᠴᠡᠷᠢᠭ ᠲᠠᠪᠠᠷᠠᠮᠠᠲᠠᠭᠠᠢ ᠪᠦᠯᠦᠭᠲᠡᠨ 200 ᠭᠠᠷᠤᠢ ᠬᠦᠮᠦᠨ  ᠢ ᠤᠰᠠᠳᠬᠠᠪᠠ

2017-08-22 16:40

    ᠰᠢᠨᠬᠤᠧᠠ ᠬᠤᠷᠢᠶ᠎ᠠ   8 ᠰᠠᠷ᠎ᠠ ᠶᠢᠨ 21 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠡᠦ ᠭᠠᠩ ) 21 ᠤ ᠡᠲᠦᠷ᠂ ᠤᠷᠤᠰ ᠤᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠶᠠᠮᠤᠨ ᠮᠡᠲᠡᠭᠡ ᠨᠡᠶᠢᠲᠡᠯᠡᠵᠦ᠂ ᠰᠡᠬᠦᠯ ᠤᠨ ᠦᠶ᠎ᠠ ᠳ᠋ᠤ ᠤᠷᠤᠰ ᠤᠨ ᠠᠭᠠᠷ ᠤᠨ ᠴᠡᠷᠢᠭ ᠰᠢᠷᠢᠶ᠎ᠠ ᠳ᠋ᠡᠬᠢ ᠨᠢᠭᠡ ᠤᠲᠭᠠᠨ ᠤ ᠠᠵᠢᠯᠯᠠᠭᠠᠨ ᠳ᠋ᠤ 《ᠢᠰᠯᠠᠮ ᠤᠨ ᠤᠯᠤᠰ》 ᠤᠨ ᠲᠡᠷᠭᠡ ᠶᠢ ᠰᠦᠨᠦᠭᠡᠨ᠂ ᠲᠠᠪᠠᠷᠠᠮᠠᠲᠠᠭᠠᠢ ᠪᠦᠯᠦᠭᠲᠡᠨ ᠤ 200 ᠭᠠᠷᠤᠢ ᠬᠦᠮᠦᠨ ᠢ ᠤᠰᠠᠳᠬᠠᠪᠠ ᠭᠡᠵᠡᠢ᠃

    ᠮᠡᠲᠡᠭᠡᠯᠡᠯ ᠳ᠋ᠤ ᠮᠦᠨ ᠬᠡᠯᠡᠬᠦ ᠳ᠋ᠡᠭᠡᠨ᠂ ᠲᠤᠰ ᠤᠲᠠᠭᠠᠨ ᠤ ᠤᠰᠠᠳᠬᠠᠯᠲᠠ ᠨᠢ 《ᠢᠰᠯᠠᠮ ᠤᠨ ᠤᠯᠤᠰ》 ᠤ᠋ᠨ ᠰᠢᠷᠢᠶ᠎ᠠ ᠳ᠋ᠡᠬᠢ ᠪᠠᠶᠢᠯᠲᠤᠬᠤ ᠪᠤᠲᠤᠯᠭ᠎ᠠ ᠢᠯᠠᠭᠲᠠᠯ ᠳ᠋ᠤ ᠤᠴᠠᠷᠠᠭᠰᠠᠨ ᠢ ᠬᠠᠷᠠᠭᠤᠯᠵᠤ ᠪᠠᠶᠢᠭ᠎ᠠ ᠶᠤᠮ᠃ 8 ᠰᠠᠷ᠎ᠠ ᠡᠴᠡ ᠨᠠᠰᠢ᠂ 《ᠢᠰᠯᠠᠮ ᠤᠨ ᠤᠯᠤᠰ》 ᠤ᠋ᠨ ᠲᠠᠪᠠᠷᠠᠮᠠᠲᠠᠭᠠᠢ ᠪᠦᠯᠦᠭᠲᠡᠨ ᠳ᠋ᠧᠶᠢᠷ ᠽᠤᠷ ᠮᠤᠵᠢ ᠤᠷᠤᠭᠤ ᠲᠦᠪᠯᠡᠷᠡᠨ᠂ ᠨᠡᠯᠢᠶᠡᠳ ᠬᠡᠮᠵᠢᠶᠠᠨ ᠤ ᠫᠤᠤ ᠵᠡᠪᠰᠡᠭ ᠵᠦᠭᠡᠭᠡᠪᠦᠷᠢᠯᠡᠵᠦ᠂ ᠲᠤᠰ ᠮᠤᠵᠢ ᠶᠢ ᠰᠢᠷᠢᠶ᠎ᠠ ᠳ᠋ᠡᠬᠢ ᠬᠠᠮᠤᠭ ᠤᠨ ᠡᠴᠦᠰ ᠤᠨ ᠰᠠᠭᠤᠷᠢᠨ ᠪᠤᠯᠭᠠᠬᠤ ᠪᠡᠷ ᠰᠠᠨᠠᠭᠠᠷᠬᠠᠵᠤ ᠪᠠᠶᠢᠪᠠ ᠭᠡᠵᠡᠢ᠃

    5 ᠰᠠᠷ᠎ᠠ ᠶᠢᠨ ᠰᠡᠬᠦᠯᠴᠢ ᠪᠡᠷ᠂ ᠰᠢᠷᠢᠶ᠎ᠠ ᠶᠢᠨ ᠵᠠᠰᠠᠭ ᠤᠨ ᠭᠠᠵᠠᠷ ᠡᠴᠡ 《ᠢᠰᠯᠠᠮ ᠤᠨ ᠤᠯᠤᠰ》 ᠲᠤ ᠶᠡᠬᠡ ᠬᠡᠪᠴᠢᠶᠠᠨ ᠤ ᠴᠡᠷᠢᠭ ᠤᠨ ᠶᠠᠪᠤᠲᠠᠯ ᠤᠨ ᠴᠤᠬᠢᠯᠲᠠ ᠶᠠᠪᠤᠭᠤᠯᠤᠭᠰᠠᠨ ᠢᠶᠡᠷ 《ᠢᠰᠯᠠᠮ ᠤᠨ ᠤᠯᠤᠰ》 ᠤᠨ ᠡᠵᠡᠮᠰᠢᠯ ᠤᠨ ᠤᠷᠤᠨ ᠨᠢ ᠳ᠋ᠧᠶᠢᠷ ᠽᠤᠷ ᠮᠤᠵᠢ ᠶᠢᠨ ᠬᠡᠪᠴᠢᠶᠠᠨ ᠳ᠋ᠤ ᠯᠡ ᠦᠯᠡᠲᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121524456