ᠲᠧᠷᠠᠮᠫ ᠠᠹᠭᠠᠨᠢᠰᠲ᠋ᠠᠨ ᠳ᠋ᠤ ᠴᠡᠷᠢᠭ ᠨᠡᠮᠡᠬᠦ  ᠰᠢᠨ᠎ᠡ ᠪᠤᠲᠤᠯᠭ᠎᠎ᠠ ᠲᠤᠭᠲᠠᠭᠠᠪᠠ 2017-08-23 11:11

    ᠰᠢᠨᠬᠤᠧᠠ ᠬᠤᠷᠢᠶ᠎ᠠ   ᠪᠡᠭᠡᠵᠢᠩ ᠤᠨ 8 ᠰᠠᠷ᠎ᠠ ᠶᠢᠨ 22 ᠤᠨ ᠡᠲᠦᠷ ᠤᠨ ᠴᠠᠬᠢᠯᠭᠠᠨ ᠮᠡᠲᠡᠭᠡ   ᠲᠤᠬᠠᠢ ᠶᠢᠨ ᠤᠷᠤᠨ ᠤ ᠴᠠᠭ ᠢᠶᠡᠷ 21 ᠤ ᠤᠷᠤᠢ ᠠᠮᠧᠷᠢᠺᠠ ᠶᠢᠨ ᠶᠡᠷᠦᠩᠬᠡᠶᠢᠯᠡᠭᠴᠢ ᠲᠧᠷᠠᠮᠫ ᠠᠹᠭᠠᠨᠢᠰᠲ᠋ᠠᠨ ᠤ ᠲᠠᠶᠢᠨ ᠤ ᠰᠢᠨ᠎ᠡ ᠰᠲ᠋ᠷᠠᠲ᠋ᠧᠬᠢ ᠶᠢ ᠵᠠᠷᠯᠠᠵᠤ᠂ ᠠᠮᠧᠷᠢᠺᠠ ᠠᠹᠭᠠᠨᠢᠰᠲ᠋ᠠᠨ ᠡᠴᠡ ᠴᠡᠷᠢᠭ ᠤᠬᠤᠷᠢᠬᠤ ᠦᠭᠡᠢ᠂ 《ᠢᠯᠠᠯᠲᠠ ᠶᠢᠨ ᠲᠠᠶᠢᠨ》 ᠤ ᠲᠦᠯᠦᠭᠡ ᠴᠡᠷᠢᠭ ᠨᠡᠮᠡᠨ᠎ᠡ᠂ ᠤᠯᠤᠰ ᠤᠨ ᠬᠢᠨ ᠪᠠᠶᠢᠭᠤᠯᠤᠯᠲᠠ ᠶᠢ ᠪᠤᠲᠤᠯᠬᠢᠯᠠᠬᠤ ᠦᠭᠡᠢ᠂ 《 ᠰᠦᠷᠲᠡᠬᠦᠯᠦᠭᠴᠢ ᠡᠲᠡᠭᠡᠳ》 ᠢ ᠤᠰᠠᠳᠬᠠᠨ᠎ᠠ ᠭᠡᠵᠡᠢ᠃

    ᠲᠤᠶᠢᠮᠤᠴᠢᠳ ᠤᠨ ᠦᠵᠡᠬᠦ ᠪᠡᠷ᠂ ᠡᠨᠡ ᠨᠢ ᠵᠦᠪᠬᠡᠨ ᠲᠤᠬᠢᠷᠠᠭᠤᠯᠤᠯᠲᠠ ᠲᠡᠲᠦᠢ ᠪᠤᠯᠬᠤ ᠡᠴᠡ ᠪᠢᠰᠢ ᠰᠲ᠋ᠷᠠᠲ᠋ᠧᠬᠢ ᠶᠢᠨ ᠬᠤᠪᠢᠷᠠᠯᠲᠠ ᠪᠢᠰᠢ᠂ ᠠᠮᠧᠷᠢᠺᠠ ᠶᠢᠨ ᠵᠠᠰᠠᠭ ᠤᠨ ᠭᠠᠵᠠᠷ ᠤᠤᠯ ᠨᠢ ᠴᠤ ᠡᠶᠢᠮᠦᠷᠬᠦᠦ ᠰᠢᠨ᠎ᠡ ᠠᠷᠭ᠎ᠠ ᠬᠡᠷᠡᠭᠯᠡᠵᠦ ᠪᠠᠶᠢᠭᠰᠠᠨ ᠪᠦᠭᠡᠳ ᠡᠨᠡ ᠤᠲᠠᠭ᠎ᠠ ᠶᠢᠨ ᠬᠢ ᠪᠤᠯ ᠰᠢᠨ᠎ᠡ ᠬᠡᠯᠪᠡᠷᠢ ᠶᠢᠨ ᠬᠠᠭᠤᠴᠢᠨ ᠠᠷᠭ᠎ᠠ ᠲᠡᠲᠦᠢ ᠶᠤᠮ᠃

    ᠲᠤᠬᠠᠢ ᠶᠢᠨ ᠤᠷᠤᠢ ᠲᠧᠷᠠᠮᠫ ᠲᠧᠯᠸᠢᠰ ᠢᠶᠡᠷ ᠦᠭᠡ ᠬᠡᠯᠡᠬᠦ ᠳ᠋ᠡᠭᠡᠨ᠂ ᠲᠠᠶᠢᠨ ᠡᠴᠡ ᠵᠢᠭ᠍ᠰᠢᠭ᠍ᠰᠡᠨ ᠠᠮᠧᠷᠢᠺᠠ ᠶᠢᠨ ᠢᠷᠭᠡᠳ ᠤᠨ ᠡᠭᠲᠡᠬᠦᠦ ᠶᠢ ᠬᠦᠷᠭᠡᠬᠦ ᠡᠴᠡ ᠬᠢᠴᠢᠶᠠᠨ ᠴᠡᠷᠢᠭ ᠨᠡᠮᠡᠬᠦ ᠪᠤᠲᠠᠲᠠᠢ ᠲᠤᠭ᠎ᠠ ᠪᠠᠨ ᠵᠠᠲᠠᠷᠠᠭᠤᠯᠤᠭᠰᠠᠨ ᠦᠭᠡᠢ᠃《ᠸᠠᠰᠢᠩᠲ᠋ᠤᠨ ᠤ ᠰᠢᠤᠲᠠᠨ ᠰᠤᠨᠢᠨ 》 ᠤᠯᠤᠰ ᠤᠨ ᠬᠤᠷᠠᠯ ᠤᠨ ᠠᠯᠪᠠᠨ ᠲᠤᠰᠢᠶᠠᠯᠲᠠᠨ ᠤ ᠦᠭᠡ ᠪᠡᠷ ᠮᠡᠲᠡᠭᠡᠯᠡᠬᠦ ᠳ᠋ᠡᠭᠡᠨ᠂ ᠠᠹᠭᠠᠨᠢᠰᠲ᠋ᠠᠨ ᠳ᠋ᠤ 4000 ᠴᠡᠷᠢᠭ ᠨᠡᠮᠡᠬᠦ ᠪᠤᠯᠤᠨ᠎ᠠ ᠭᠡᠵᠡᠢ᠃

    ᠤᠯᠠᠨ ᠤᠯᠤᠰ ᠤᠨ ᠲᠦᠷᠦ ᠶᠢᠨ ᠪᠤᠲᠤᠯᠭ᠎ᠠ ᠶᠢᠨ ᠰᠤᠲᠤᠯᠭᠠᠨ ᠤ ᠲᠦᠪ ᠤᠨ ᠭᠦᠢᠴᠡᠳᠭᠡᠬᠦ ᠡᠷᠬᠢᠯᠡᠭᠴᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠭᠴᠢ ᠳ᠋ᠤ᠂ ᠲᠠᠯᠢᠪᠠᠨ ᠤ ᠲᠡᠭᠡᠷᠡᠩᠬᠦᠶᠢᠯᠡᠯ ᠨᠢ ᠠᠹᠭᠠᠨᠢᠰᠲ᠋ᠠᠨ ᠤ ᠵᠠᠰᠠᠭ ᠤᠨ ᠭᠠᠵᠠᠷ ᠢ ᠬᠡᠴᠡᠬᠦᠦ ᠪᠠᠶᠢᠲᠠᠯ ᠳ᠋ᠤ ᠤᠷᠤᠭᠤᠯᠪᠠ᠃ ᠠᠮᠧᠷᠢᠺᠠ ᠶᠢᠨ ᠵᠠᠰᠠᠭ ᠤᠨ ᠭᠠᠵᠠᠷ᠂ ᠤᠨᠴᠠᠭᠠᠶᠢᠯᠠᠨ ᠴᠡᠷᠢᠭ ᠤᠨ ᠬᠢᠨ ᠡᠨᠡ ᠪᠠᠶᠢᠲᠠᠯ ᠳ᠋ᠤ ᠲᠦᠢᠯ  ᠶᠢᠡᠷ ᠰᠠᠨᠠᠭᠠᠰᠢᠷᠠᠵᠤ᠂ ᠠᠹᠭᠠᠨᠢᠰᠲ᠋ᠠᠨ ᠤ 《 ᠰᠢᠨ᠎ᠡ ᠰᠲ᠋ᠷᠠᠲ᠋ᠧᠬᠢ》 ᠶᠢ ᠲᠤᠭᠲᠠᠭᠠᠵᠤ᠂ ᠠᠹᠭᠠᠨᠢᠰᠲ᠋ᠠᠨ ᠤ ᠵᠠᠰᠠᠭ ᠤᠨ ᠭᠠᠵᠠᠷ ᠤᠨ ᠰᠠᠷᠨᠢᠵᠤ ᠪᠤᠲᠠᠷᠠᠬᠤ ᠡᠴᠡ ᠬᠢᠴᠢᠶᠠᠵᠤ ᠪᠠᠶᠢᠭ᠎ᠠ ᠶᠤᠮ᠃

    ᠠᠹᠭᠠᠰᠨᠢᠲ᠋ᠠᠨ ᠤ ᠲᠠᠶᠢᠨ ᠨᠢᠭᠡᠨᠲᠡ 16 ᠵᠢᠯ ᠦᠷᠬᠦᠯᠵᠢᠯᠡᠪᠡ᠂ ᠲᠠᠯᠢᠪᠠᠨ ᠤ ᠵᠠᠰᠠᠭ ᠤᠨ ᠡᠷᠬᠡ ᠶᠢ ᠲᠦᠯᠬᠢᠨ ᠤᠨᠠᠭᠠᠭᠰᠠᠨ ᠡᠴᠡ ᠤᠷᠲᠤ ᠬᠤᠭᠤᠴᠠᠭᠠᠨ ᠤ ᠰᠦᠷᠲᠡᠬᠦᠯᠦᠯ ᠢ ᠡᠰᠡᠷᠭᠦᠴᠡᠬᠦ ᠵᠡᠷᠭᠡ ᠠᠮᠤᠷ ᠲᠦᠪᠰᠢᠨ ᠠᠶᠤᠯᠬᠦᠢ ᠶᠢᠨ ᠦᠷᠬᠦᠯᠵᠢᠯᠡᠭᠰᠡᠨ ᠲᠠᠶᠢᠨ ᠪᠤᠯᠵᠤ᠂ ᠦᠷ᠎ᠡ ᠪᠦᠲᠦᠮᠵᠢ ᠠᠨᠠᠶᠢᠬᠠᠨ᠃ ᠡᠨᠡ ᠨᠢ ᠠᠮᠧᠷᠢᠺᠠ ᠬᠦᠴᠦ ᠪᠡᠷ ᠠᠹᠭᠠᠨᠢᠰᠲ᠋ᠠᠨ ᠤ ᠲᠤᠲᠤᠭᠠᠲᠤ ᠶᠠᠪᠤᠲᠠᠯ ᠳ᠋ᠤ ᠭᠠᠷ ᠲᠦᠷᠦᠵᠦ ᠵᠦᠷᠢᠴᠡᠯ ᠢ ᠬᠤᠷᠴᠠᠲᠤᠭᠤᠯᠤᠭᠰᠠᠨ ᠡᠴᠡ ᠪᠤᠯᠤᠭᠰᠠᠨ ᠶᠤᠮ᠃

    2001 ᠤᠨ ᠤ 《 9• 11 》 ᠬᠡᠷᠡᠭ ᠤᠨ ᠰᠠᠷ᠎ᠠ ᠶᠢᠨ ᠲᠠᠷᠠᠭ᠎ᠠ ᠲᠠᠯᠢᠪᠠᠨ ᠤ ᠵᠠᠰᠠᠭ ᠤᠨ ᠡᠷᠬᠡ ᠶᠢ ᠲᠦᠯᠬᠢᠨ ᠤᠨᠠᠭᠠᠬᠤ ᠪᠡᠷ ᠠᠮᠧᠷᠢᠺᠠ ᠶᠢᠨ ᠵᠠᠰᠠᠭ ᠤᠨ ᠭᠠᠵᠠᠷ ᠠᠹᠭᠠᠨᠢᠰᠲ᠋ᠠᠨ ᠳ᠋ᠤ 10 ᠲᠦᠮᠡᠨ ᠴᠡᠷᠢᠭ ᠤᠷᠤᠪᠠ᠃ 2014 ᠤᠨ ᠳ᠋ᠤ ᠠᠮᠧᠷᠢᠺᠠ ᠪᠡᠷ ᠤᠲᠤᠷᠢᠲᠤᠭᠤᠯᠤᠭᠰᠠᠨ ᠤᠮᠠᠷᠠᠲᠤ ᠠᠲ᠋ᠠᠯᠠᠨᠲ ᠲᠠᠯᠠᠢ ᠶᠢᠨ ᠨᠡᠶᠢᠲᠡ ᠶᠢᠨ ᠭᠡᠷ᠎ᠡ ᠶᠢᠨ ᠵᠤᠬᠢᠶᠠᠨ ᠪᠠᠶᠢᠭᠤᠯᠤᠯᠲᠠ ᠶᠢᠨ ᠤᠯᠤᠰ ᠤᠳ ᠤᠨ ᠠᠹᠭᠠᠨᠢᠰᠲ᠋ᠠᠨ ᠳ᠋ᠤ ᠰᠠᠭᠤᠭ᠎ᠠ ᠤᠯᠠᠨ ᠤᠯᠤᠰ ᠤᠨ ᠠᠶᠤᠯᠬᠦᠢ ᠶᠢ ᠲᠤᠰᠠᠯᠠᠨ ᠲᠡᠮᠵᠢᠬᠦ ᠴᠡᠷᠢᠭ ᠠᠩᠬᠢ ᠶᠢᠨ ᠪᠠᠶᠢᠯᠲᠤᠭᠠᠨ ᠤ ᠡᠭᠦᠷᠭᠡ ᠲᠠᠭᠤᠰᠴᠤ᠂ ᠰᠡᠬᠦᠯᠡᠷ ᠨᠢ ᠭᠤᠤᠯᠲᠠᠭᠤ ᠠᠹᠭᠠᠨᠢᠰᠲ᠋ᠠᠨ ᠤ ᠠᠶᠦᠯᠬᠦᠢ ᠶᠢᠨ ᠴᠡᠷᠢᠭ ᠠᠩᠬᠢ ᠳ᠋ᠤ ᠪᠤᠯᠪᠠᠰᠤᠷᠠᠯ ᠬᠦᠷᠲᠡᠭᠡᠬᠦ᠂ ᠮᠡᠷᠭᠡᠵᠢᠯ ᠤᠨ ᠦᠢᠯᠡᠴᠢᠯᠡᠭᠡ ᠵᠡᠷᠭᠡ ᠶᠢ ᠬᠠᠩᠭ᠋ᠠᠪᠠ᠃ ᠤᠤᠯ ᠤᠨ ᠲᠤᠭᠲᠠᠭᠠᠯ ᠢᠶᠡᠷ᠂ 2016 ᠤᠨ ᠳ᠋ᠤ ᠠᠮᠧᠷᠢᠺᠠ ᠡᠴᠡ ᠠᠹᠭᠠᠨᠰᠢᠲ᠋ᠠᠨ ᠳ᠋ᠤ ᠰᠠᠭᠤᠭ᠎ᠠ ᠴᠡᠷᠢᠭ 1000 ᠪᠤᠯᠬᠤ ᠶᠤᠰᠤᠲᠠᠢ᠂ ᠭᠡᠬᠦ ᠳ᠋᠋ᠡᠭᠡᠨ ᠤᠲᠤ ᠪᠠᠶᠢᠭ᠎ᠠ ᠴᠡᠷᠢᠭ 8400᠂ ᠤᠮᠠᠷᠠᠲᠤ ᠠᠲ᠋ᠠᠯᠠᠨᠲ ᠲᠠᠯᠠᠢ ᠶᠢᠨ ᠨᠡᠶᠢᠲᠡ ᠶᠢᠨ ᠭᠡᠷ᠎ᠡ ᠶᠢᠨ ᠵᠤᠬᠢᠶᠠᠨ ᠪᠠᠶᠢᠭᠤᠯᠤᠯᠲᠠ ᠶᠢᠨ ᠪᠤᠰᠤᠳ ᠤᠯᠤᠰ ᠤᠨ ᠴᠡᠷᠢᠭ  5000 ᠪᠤᠢ᠃

    ᠰᠡᠬᠦᠯ ᠤᠨ ᠵᠢᠯ ᠡᠴᠡ ᠨᠠᠰᠢ᠂ ᠠᠹᠭᠠᠨᠰᠢᠲ᠋ᠠᠨ ᠤ ᠬᠢᠯᠢ ᠳ᠋᠋ᠡᠬᠢ ᠲᠠᠪᠠᠷᠠᠮᠠᠲᠠᠭᠠᠢ ᠪᠦᠯᠦᠭᠲᠡᠨ ᠲᠠᠬᠢᠨ ᠰᠡᠷᠭᠦᠵᠦ᠂ ᠲᠠᠯᠢᠪᠠᠨ ᠤ ᠬᠦᠴᠦᠨ ᠨᠡᠮᠡᠭᠲᠡᠬᠦ ᠬᠠᠨᠲᠤᠰᠢ ᠲᠠᠢ᠃ ᠡᠨᠡ ᠤᠨ ᠤ ᠡᠬᠢᠨ ᠤ ᠬᠠᠭᠠᠰ ᠵᠢᠯ ᠠᠹᠭᠠᠨᠢᠰᠲ᠋ᠠᠨ ᠤ ᠬᠢᠯᠢ ᠳ᠋ᠡᠬᠢ ᠵᠦᠷᠢᠴᠡᠯ ᠮᠦᠷᠬᠦᠯᠲᠦᠭᠡᠨ᠂ ᠲᠠᠶᠢᠨ  ᠳ᠋ᠤ 1662 ᠢᠷᠭᠡᠨ ᠠᠮᠢ ᠪᠠᠨ ᠠᠯᠲᠠᠵᠤ᠂ 3500 ᠭᠠᠷᠤᠢ ᠬᠦᠮᠦᠨ ᠰᠢᠷᠬᠠᠲᠤᠭᠰᠠᠨ ᠭᠡᠵᠦ ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠡᠴᠡ ᠤᠨᠴᠠᠯᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121528710