ᠢᠩᠯᠠ ᠶᠢᠨ ᠲᠤᠲᠠᠭᠠᠵᠤ ᠤᠷᠬᠢᠭᠰᠠᠨ ᠨᠢ ᠲᠠᠶᠢᠯᠠᠨᠳ᠋ ᠤᠨ ᠤᠯᠤᠰ ᠲᠦᠷᠦ ᠶᠢᠨ ᠲᠤᠭᠲᠠᠯᠴᠠᠭᠠᠨ ᠳ᠋ᠤ ᠬᠢᠷᠢ ᠨᠦᠯᠦᠭᠡ ᠪᠤᠯᠲᠠᠭ ᠪᠤᠢ ? 2017-08-28 11:00

    ᠰᠢᠨᠬᠤᠧᠠ ᠬᠤᠷᠢᠶ᠎ᠠ   ᠪᠠᠩᠺᠤᠺ ᠤᠨ 8 ᠰᠠᠷ᠎ᠠ ᠶᠢᠨ 27 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠶᠠᠩ ᠵᠧᠦ ) 25 ᠤ ᠡᠲᠦᠷ᠂ ᠲᠠᠶᠢᠯᠠᠨᠳ᠋ ᠤᠨ ᠤᠤᠯ ᠤᠨ ᠶᠡᠷᠦᠩᠬᠡᠢ ᠰᠠᠶᠢᠳ ᠢᠩᠯᠠ ᠬᠠᠮᠤᠭ ᠤᠨ ᠲᠡᠭᠡᠳᠦ ᠰᠢᠬᠦᠬᠦ ᠶᠢᠨ ᠭᠠᠵᠠᠷ ᠤᠨ ᠲᠤᠲᠤᠷᠭ᠎ᠠ ᠬᠤᠲᠠᠯᠲᠤᠨ ᠠᠪᠤᠭᠰᠠᠨ ᠬᠡᠷᠡᠭ ᠤᠨ ᠰᠢᠬᠦᠨ ᠲᠠᠰᠤᠯᠤᠯᠲᠠ ᠳᠤ ᠤᠷᠤᠯᠴᠠᠭᠰᠠᠨ ᠦᠭᠡᠢ ᠲᠤᠲᠠᠭᠠᠵᠤ ᠤᠷᠬᠢᠭᠰᠠᠨ ᠬᠡᠷᠡᠭ ᠨᠢ ᠲᠠᠶᠢᠯᠠᠨᠳ᠋ ᠤᠨ ᠬᠢᠨ ᠢ ᠰᠤᠴᠢᠭᠠᠪᠠ᠃ ᠮᠡᠲᠡᠭᠡᠯᠡᠭᠰᠡᠨ ᠢ ᠦᠨᠳᠦᠰᠦᠯᠡᠪᠡᠯ᠂ ᠢᠩᠯᠠ ᠳ᠋ᠦᠪᠠᠢ ᠤᠷᠤᠭᠤ ᠠᠬ᠎ᠠ ᠲᠡᠭᠡᠷ᠎ᠡ ᠪᠠᠨ ᠬᠦᠷᠦᠭᠰᠡᠨ ᠪᠤᠯᠤᠯᠲᠠᠢ ᠭᠡᠵᠦ ᠦᠵᠡᠵᠦ ᠪᠤᠢ᠃

    ᠲᠤᠶᠢᠮᠤᠴᠢᠳ ᠤᠨ ᠦᠵᠡᠬᠦ ᠪᠡᠷ᠂ ᠲᠠ ᠰᠢᠨ ᠤᠭᠰᠠᠭᠠᠨ ᠤ ᠬᠢᠨ ᠤ ᠤᠯᠤᠰ ᠲᠦᠷᠦ ᠶᠢᠨ ᠲᠠᠪᠴᠠᠩ ᠬᠦᠨᠳᠦ ᠨᠤᠴᠢᠲᠠᠢ ᠬᠤᠬᠢᠷᠠᠯ ᠳ᠋ᠤ ᠤᠴᠠᠷᠠᠵᠤ ᠵᠠᠰᠠᠭ ᠤᠨ ᠡᠷᠬᠡ ᠠᠳᠬᠤᠬᠤ ᠳ᠋ᠤ ᠬᠦᠴᠢᠷ ᠪᠤᠯᠪᠠ᠃ ᠨᠦᠬᠦᠭᠡ ᠲᠠᠯ᠋᠎ᠠ ᠪᠡᠷ ᠲᠠᠶᠢᠯᠠᠨᠳ᠋ ᠤᠨ ᠤᠯᠤᠰ ᠲᠦᠷᠦ ᠶᠢᠨ ᠲᠠᠪᠴᠠᠩ ᠳ᠋ᠤ ᠲᠠ ᠰᠢᠨ ᠤ ᠨᠦᠯᠦᠭᠡ ᠮᠦᠨ ᠪᠠᠶᠢᠭᠰᠠᠭᠠᠷ᠂ ᠲᠡᠭᠦᠨ ᠢ ᠲᠡᠮᠵᠢᠭ᠍ᠴᠢ ᠪᠠ ᠡᠰᠡᠷᠭᠦᠴᠡᠭᠴᠢᠳ ᠤᠨ ᠬᠤᠭᠤᠷᠤᠨᠲᠤᠬᠢ ᠬᠠᠷᠢᠯᠴᠠᠨ ᠡᠰᠡᠷᠬᠦᠴᠡᠯᠲᠦᠬᠦ ᠪᠠᠶᠢᠲᠠᠯ ᠤᠷᠲᠤ ᠬᠤᠭᠤᠴᠠᠭ᠎ᠠ ᠦᠷᠬᠦᠯᠵᠢᠯᠡᠬᠦ ᠪᠤᠯᠤᠨ᠎ᠠ ᠭᠡᠵᠡᠢ᠃

    ᠲᠠᠶᠢᠯᠠᠨᠳ᠋ ᠤᠨ 《ᠪᠠᠩᠺᠦᠺ ᠤᠨ ᠰᠢᠤᠲᠠᠨ ᠰᠤᠨᠢᠨ》 ᠤ ᠮᠡᠲᠡᠭᠡᠯᠡᠭᠰᠡᠨ ᠢ ᠦᠨᠳᠦᠰᠦᠯᠡᠪᠡᠯ᠂ ᠢᠩᠯᠠ ᠲᠠᠶᠢᠯᠠᠨᠳ᠋ ᠤᠨ ᠵᠡᠬᠦᠨ ᠪᠦᠰᠡ ᠡᠴᠡ ᠺᠠᠮᠪᠦᠵᠠ ᠳ᠋ᠤ ᠬᠦᠷᠴᠦ᠂ ᠺᠠᠮᠪᠤᠵᠠ ᠶᠢᠨ ᠲᠠᠯ᠎ᠠ ᠶᠢᠨ《ᠨᠦᠯᠦᠭᠡ ᠶᠡᠬᠡᠲᠡᠢ ᠬᠦᠮᠦᠨ》 ᠤ ᠲᠡᠮᠵᠢᠯᠭᠡ ᠪᠡᠷ ᠬᠤᠪᠢ ᠶᠢᠨ ᠨᠢᠰᠬᠦ ᠤᠩᠭ᠋ᠤᠴᠠ ᠪᠡᠷ ᠳ᠋ᠦᠪᠠᠢ ᠤᠷᠤᠭᠤ ᠶᠠᠪᠤᠭᠰᠠᠨ ᠭᠡᠵᠡᠢ᠃ ᠪᠠᠰᠠ ᠨᠢᠭᠡ ᠮᠡᠲᠡᠭᠡᠯᠡᠯ ᠳ᠋ᠤ ᠲᠠᠶᠢᠯᠠᠨᠳ᠋ ᠤᠨ ᠴᠡᠷᠢᠭ ᠤᠨ ᠲᠠᠯ᠎ᠠ ᠶᠢᠨ ᠬᠢᠨ ᠤ ᠦᠭᠡ ᠪᠡᠷ ᠮᠡᠲᠡᠭᠡᠯᠡᠵᠦ᠂ ᠢᠩᠯᠠ ᠶᠢ ᠬᠤᠪᠢ ᠶᠢᠨ ᠨᠢᠰᠬᠦ ᠤᠩᠭ᠋ᠤᠴᠠ ᠳ᠋ᠤ ᠰᠠᠭᠤᠨ᠂ ᠰᠢᠩᠭ᠋ᠠᠫᠤᠷ ᠢᠢᠡᠷ ᠲᠠᠮᠵᠢᠨ ᠳ᠋ᠦᠪᠠᠢ ᠳ᠋ᠤ ᠬᠦᠷᠦᠭᠰᠡᠨ ᠭᠡᠵᠡᠢ᠃ ᠢᠩᠯᠠ ᠶᠢᠨ ᠲᠠᠶᠢᠯᠠᠨᠳ᠋ ᠡᠴᠡ ᠲᠤᠲᠠᠭᠠᠬᠤ ᠪᠡᠯᠡᠳᠭᠡᠯ ᠢ ᠠᠬ᠎ᠠ ᠨᠢ ᠬᠦᠢᠴᠡᠳ ᠬᠢᠭ᠍ᠰᠡᠨ ᠭᠡᠪᠡ᠃

    2015 ᠤᠨ ᠤ 2 ᠰᠠᠷ᠎ᠠ ᠳ᠋ᠤ ᠲᠠᠶᠢᠯᠠᠨᠳ᠋ ᠤᠨ ᠶᠡᠷᠦᠩᠬᠡᠢ ᠪᠠᠶᠢᠴᠠᠭᠠᠭᠴᠢ ᠶᠢᠨ ᠠᠯᠪᠠᠨ ᠡᠴᠡ ᠬᠠᠮᠤᠭ ᠤᠨ ᠲᠡᠭᠡᠳᠦ ᠰᠢᠬᠦᠬᠦ ᠭᠠᠵᠠᠷ ᠲᠤ ᠢᠩᠯᠠ ᠶᠢ ᠲᠤᠲᠤᠷᠭ᠎ᠠ ᠬᠤᠲᠠᠯᠲᠤᠨ ᠠᠪᠬᠤ ᠲᠦᠷᠦ ᠶᠢᠨ ᠪᠤᠲᠤᠯᠭ᠎ᠠ ᠶᠢ ᠬᠡᠷᠡᠭᠵᠢᠬᠦᠯᠬᠦ ᠶᠠᠪᠤᠴᠠ ᠳ᠋ᠤ ᠲᠤᠰᠢᠶᠠᠯ ᠳ᠋ᠤ ᠪᠠᠨ ᠴᠠᠯᠠᠭᠠᠶᠢᠲᠠᠵᠤ᠂ ᠠᠪᠯᠢᠭᠠᠯ ᠳ᠋ᠤ ᠠᠪᠲᠠᠨ ᠲᠦᠷᠦ ᠤᠯᠤᠰ ᠢᠶᠡᠨ ᠬᠤᠬᠢᠷᠠᠯ ᠳ᠋ᠤ ᠤᠴᠠᠷᠠᠭᠤᠯᠤᠭᠰᠠᠨ ᠡᠷᠡᠬᠦᠦ ᠶᠢᠨ ᠬᠡᠷᠡᠭ ᠢᠶᠡᠷ ᠵᠠᠭᠠᠯᠲᠤᠪᠠ᠃ ᠡᠨᠡᠬᠦ ᠰᠢᠬᠦᠯᠲᠡ ᠨᠢ ᠬᠤᠶᠠᠷ ᠵᠢᠯ ᠭᠠᠷᠤᠢ ᠶᠢᠨ ᠬᠤᠭᠤᠴᠠᠭ᠎ᠠ ᠦᠷᠬᠦᠯᠵᠢᠯᠡᠵᠦ᠂ ᠰᠢᠬᠦᠯᠲᠡ ᠶᠢᠨ ᠦᠶ᠎ᠠ ᠪᠡᠷ ᠢᠩᠯᠠ ᠪᠦᠷ ᠤᠷᠤᠯᠴᠠᠭᠰᠠᠨ ᠪᠦᠭᠡᠳ ᠬᠡᠪᠯᠡᠯ ᠮᠡᠲᠡᠭᠡᠯᠡᠯ ᠤᠨ ᠬᠢᠨ ᠳ᠋ᠤ ᠡᠴᠦᠰ ᠲᠤᠨᠢ ᠲᠤᠯᠲᠠᠯ᠎ᠠ ᠲᠡᠮᠡᠴᠡᠵᠦ᠂ ᠬᠡᠷᠡᠭ ᠡᠴᠡ ᠲᠤᠲᠠᠭᠠᠬᠤ ᠦᠭᠡᠢ ᠭᠡᠵᠦ ᠢᠯᠡᠷᠬᠡᠶᠢᠯᠡᠪᠡ᠃ ᠡᠨᠡ ᠤᠨ ᠤ 8 ᠰᠠᠷ᠎ᠠ ᠶᠢᠨ 1 ᠤ ᠡᠲᠦᠷ ᠤᠨ ᠰᠢᠬᠦᠨ ᠲᠠᠰᠤᠯᠤᠯᠲᠠ ᠶᠢᠨ ᠦᠶ᠎ᠡ ᠪᠡᠷ ᠢᠩᠯᠠ ᠦᠪᠡᠷ ᠢ ᠪᠠᠨ ᠶᠠᠯ᠎ᠠ ᠦᠭᠡᠢ᠂ ᠪᠢ ᠲᠠᠷᠢᠶᠠᠴᠢᠳ ᠤᠨ ᠠᠮᠢᠲᠤᠷᠠᠯ ᠤᠨ ᠲᠦᠪᠰᠢᠨ ᠢ ᠲᠡᠭᠡᠭ᠍ᠰᠢᠯᠡᠬᠦᠯᠬᠦ ᠪᠡᠷ ᠡᠨᠡᠬᠦ ᠲᠦᠷᠦ ᠶᠢᠨ ᠪᠤᠲᠤᠯᠭ᠎ᠠ ᠶᠢ ᠲᠤᠭᠲᠠᠭᠠᠵᠤ ᠬᠡᠷᠡᠭᠵᠢᠬᠦᠯᠦᠭ᠍ᠰᠡᠨ ᠶᠤᠮ ᠭᠡᠵᠡᠢ᠃

    25 ᠤ ᠡᠲᠦᠷ ᠪᠤᠯᠤᠭᠰᠠᠨ ᠰᠢᠬᠦᠨ ᠲᠠᠰᠤᠯᠤᠯᠲᠠ ᠪᠡᠷ ᠲᠠᠶᠢᠯᠠᠨᠳ᠋ ᠤᠨ ᠬᠤᠲᠠᠯᠲᠤᠭᠠᠨ ᠤ ᠶᠠᠮᠤᠨ ᠤ ᠤᠤᠯ ᠤᠨ ᠰᠠᠶᠢᠳ᠂ ᠤᠤᠯ ᠤᠨ ᠲᠡᠳ᠋ ᠰᠠᠶᠢᠳ ᠢ ᠭᠠᠲᠠᠭᠠᠲᠤ ᠤᠯᠤᠰ ᠤᠨ ᠵᠠᠰᠠᠭ ᠤᠨ ᠭᠠᠵᠠᠷ ᠡᠴᠡ ᠡᠷᠬᠡ ᠤᠯᠭᠤᠭᠰᠠᠨ ᠦᠭᠡᠢ ᠠᠵᠤ ᠠᠬᠤᠶᠢᠯᠠᠯ ᠲᠠᠢ ᠵᠠᠰᠠᠭ ᠤᠨ ᠭᠠᠵᠠᠷ ᠤᠨ ᠬᠤᠭᠤᠷᠤᠨᠲᠤᠬᠢ ᠬᠡᠯᠪᠡᠷᠢ ᠪᠡᠷ ᠠᠷᠠᠯᠵᠢᠶᠠᠨ ᠤ ᠭᠡᠷ᠎ᠡ ᠲᠤᠭᠲᠠᠵᠤ ᠵᠠᠬ᠎ᠠ ᠵᠡᠭᠡᠯᠢ ᠶᠢᠨ ᠲᠤᠤᠷ᠎ᠠ ᠦᠨ᠎ᠡ ᠪᠡᠷ ᠲᠤᠲᠤᠷᠭ᠎ᠠ ᠬᠤᠲᠠᠯᠲᠤᠭᠰᠠᠨ᠂ ᠵᠠᠷᠢᠮ ᠲᠤᠤᠷ᠎ᠠ ᠦᠨ᠎ᠡ ᠶᠢᠨ ᠲᠤᠲᠤᠷᠭ᠎ᠠ ᠶᠢ ᠲᠤᠰ ᠤᠯᠤᠰ ᠤᠨ ᠠᠷᠠᠯᠵᠢᠶᠠᠴᠢᠨ ᠳ᠋ᠤ ᠬᠤᠲᠠᠯᠲᠤᠨ ᠠᠰᠢᠭ ᠬᠤᠨᠵᠢᠪᠤᠷᠢ ᠤᠯᠤᠭᠰᠠᠨ ᠬᠡᠷᠡᠭ ᠢᠶᠡᠷ ᠲᠤᠰᠪᠤᠷᠢ 42 ᠵᠢᠯ᠂ 36 ᠵᠢᠯ ᠬᠤᠷᠢᠬᠤ ᠪᠡᠷ ᠪᠤᠯᠪᠠ᠃

    ᠬᠡᠷᠪᠡ ᠢᠩᠯᠠ ᠬᠠᠷᠢ ᠤᠯᠤᠰ ᠢᠶᠡᠷ ᠲᠡᠨᠦᠴᠢᠯᠡᠭᠰᠡᠨ ᠪᠤᠯ ᠠᠬ᠎ᠠ ᠲᠠᠢ ᠪᠡᠨ ᠠᠲᠠᠯᠢᠬᠠᠨ ᠰᠤᠩᠭ᠋ᠤᠯᠲᠠ ᠶᠢ ᠬᠢᠭ᠍ᠰᠡᠨ ᠶᠤᠮ᠃ ᠶᠠᠷᠢᠶ᠎ᠠ ᠬᠡᠯᠡᠯᠴᠡᠭᠡᠨ ᠳ᠋ᠤ ᠲᠠ ᠰᠢᠨ ᠤᠭᠰᠠᠭᠠᠨ ᠤ ᠬᠢᠨ ᠤ ᠤᠯᠤᠰ ᠲᠦᠷᠦ ᠶᠢᠨ ᠵᠠᠯᠭᠠᠮᠵᠢᠯᠠᠭᠴᠢ ᠦᠭᠡᠢ ᠪᠤᠯᠵᠤ᠂ ᠲᠠᠶᠢᠯᠠᠨᠳ᠋ ᠤᠨ ᠨᠠᠮ ᠤᠨ ᠢᠷᠡᠭᠡᠲᠦᠢ ᠳᠤ ᠢᠲᠡᠭᠡᠯ ᠦᠭᠡᠢ ᠪᠤᠯᠤᠭᠰᠠᠨ ᠭᠡᠵᠡᠢ᠃ ᠲᠠ ᠰᠢᠨ ᠵᠠᠰᠠᠭ ᠤᠨ ᠡᠷᠬᠡ ᠠᠳᠬᠤᠵᠤ ᠪᠠᠶᠢᠭᠰᠠᠨ ᠬᠤᠭᠤᠴᠠᠭᠠᠨ ᠳ᠋ᠤ ᠶᠠᠲᠠᠭᠤ ᠵᠦᠲᠡᠬᠦᠦ ᠠᠷᠠᠳ ᠲᠤ ᠬᠠᠨᠲᠤᠭᠤᠯᠤᠨ ᠤᠯᠠᠨ ᠲᠦᠷᠦᠯ ᠤᠨ ᠲᠦᠷᠦ ᠶᠢᠨ ᠪᠤᠲᠤᠯᠭ᠎ᠠ ᠲᠤᠭᠲᠠᠭᠠᠭᠰᠠᠨ ᠢᠶᠡᠷ ᠲᠡᠲᠡᠨᠦᠰ ᠤᠨ ᠬᠦᠷᠢᠶᠡᠯᠡᠯ ᠢ ᠶᠡᠬᠡᠪᠡᠷ ᠤᠯᠪᠠ᠃ ᠬᠠᠮᠢᠶ᠎ᠠ ᠲᠠᠢ ᠮᠡᠷᠭᠡᠵᠢᠯᠲᠡᠳ ᠤᠨ ᠦᠵᠡᠬᠦ ᠪᠡᠷ ᠬᠡᠲᠦᠶᠢᠪᠡᠷ ᠲᠠ ᠰᠢᠨ ᠤᠭᠰᠠᠭᠠᠨ ᠤ ᠬᠢᠨ ᠵᠠᠰᠠᠭ ᠤᠨ ᠡᠷᠬᠡ ᠠᠳᠬᠤᠬᠤ ᠦᠭᠡᠢ ᠴᠤ ᠭᠡᠰᠡᠨ ᠲᠡᠲᠡᠭᠡᠷ ᠶᠠᠲᠠᠭᠤ ᠵᠦᠲᠡᠬᠦᠦ ᠠᠷᠠᠳ ᠦᠷᠬᠦᠯᠵᠢᠯᠡᠨ ᠤᠷᠲᠤ ᠬᠤᠭᠤᠴᠠᠭ᠎ᠠ ᠲᠡᠮᠵᠢᠬᠦ ᠪᠦᠭᠡᠳ ᠲᠡᠮᠵᠢᠭᠴᠢᠳ ᠪᠠ ᠡᠰᠡᠷᠭᠦᠴᠡᠭᠴᠢᠳ ᠤᠨ ᠬᠤᠭᠤᠷᠤᠨᠲᠤᠬᠢ ᠡᠰᠡᠷᠬᠦᠴᠡᠯᠲᠦᠯ ᠤᠷᠲᠤ ᠬᠤᠭᠤᠴᠠᠭ᠎ᠠ ᠦᠷᠬᠦᠯᠵᠢᠯᠡᠬᠦ ᠪᠤᠯᠤᠨ᠎ᠠ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121554789