蒙古文网站Logo
ᠰᠢᠨᠬᠤᠸᠠ ᠮᠤᠩᠭ᠋ᠤᠯ ᠨᠧᠲ

ᠺᠧᠨᠢᠶᠠ ᠰᠦᠯᠢᠶᠤᠤ ᠴᠠᠭᠠᠵᠠᠯᠠᠬᠤ ᠲᠤᠭᠲᠠᠭᠠᠯ ᠢ ᠪᠦᠬᠦ ᠲᠠᠯ᠎ᠠ ᠪᠡᠷ ᠬᠡᠷᠡᠭᠵᠢᠬᠦᠯᠪᠡ

2017-08-29 10:29

    28 ᠤ ᠡᠲᠦᠷ᠂ ᠵᠡᠬᠦᠨ ᠠᠹᠷᠢᠺᠠ ᠶᠢᠨ ᠺᠧᠨᠢᠶᠠ ᠤᠯᠤᠰ ᠤᠨ ᠰᠦᠯᠢᠶᠤᠤ ᠶᠢ ᠴᠠᠭᠠᠵᠠᠯᠠᠬᠤ ᠲᠤᠭᠲᠠᠭᠠᠯ ᠵᠢᠩᠬᠢᠨᠢ ᠪᠡᠷ ᠬᠡᠷᠡᠭᠵᠢᠬᠦᠯᠦᠭᠲᠡᠪᠡ᠂ ᠲᠤᠭᠲᠠᠭᠠᠯ ᠢ ᠵᠦᠷᠢᠴᠡᠭᠰᠡᠳ 1.7 ᠲᠦᠮᠡᠨ ᠳ᠋ᠤᠯᠯᠠᠷ ᠲᠤᠷᠭᠠᠭᠲᠠᠬᠤ ᠪᠤᠶᠤ 2 ᠵᠢᠯ ᠱᠤᠷᠤᠩ ᠳ᠋ᠤ ᠬᠤᠷᠢᠭᠲᠠᠨ᠎ᠠ ; ᠬᠠᠮᠤᠭ ᠤᠨ ᠬᠡᠴᠡᠬᠦᠦ ᠳ᠋ᠡᠭᠡᠨ 3.8 ᠲᠦᠮᠡᠨ ᠳ᠋ᠤᠯᠯᠠᠷ ᠲᠤᠷᠭᠠᠭᠲᠠᠬᠤ ᠪᠤᠶᠤ 4 ᠵᠢᠯ ᠱᠤᠷᠤᠩ ᠳ᠋ᠤ ᠬᠤᠷᠢᠭᠲᠠᠨ᠎ᠠ᠃

    ᠺᠧᠨᠢᠶᠠ ᠶᠢᠨ ᠡᠨᠡᠬᠦ ᠲᠤᠭᠲᠠᠭᠠᠯ ᠳᠤ ᠠᠷᠠᠯᠵᠢᠶ᠎ᠠ ᠬᠤᠲᠠᠯᠲᠤᠭ᠎ᠠ ᠪᠠ ᠭᠡᠷ ᠪᠦᠯᠢ ᠶᠢᠨ ᠬᠡᠷᠡᠭᠯᠡᠭᠡᠨ ᠤ ᠰᠦᠯᠢᠶᠤᠤ ᠤᠭᠤᠲᠠ ᠶᠢ ᠦᠢᠯᠡᠳᠪᠦᠷᠢᠯᠡᠬᠦ᠂ ᠬᠡᠷᠡᠭᠯᠡᠬᠦ ᠪᠤᠶᠤ ᠭᠠᠲᠠᠭᠠᠲᠤ ᠡᠴᠡ ᠤᠷᠤᠭᠤᠯᠬᠤ ᠰᠦᠯᠢᠶᠤᠤ ᠤᠭᠤᠲᠠ ᠶᠢ ᠵᠢᠭᠠᠵᠤ ᠪᠤᠢ᠂ ᠠᠵᠤ ᠦᠢᠯᠡᠳᠪᠦᠷᠢ ᠳ᠋ᠤ ᠬᠡᠷᠡᠭᠯᠡᠬᠦ ᠰᠦᠯᠢᠶᠤᠤ ᠤᠭᠤᠲᠠ ᠶᠢ ᠪᠠᠭᠲᠠᠭᠠᠬᠤ ᠦᠭᠡᠢ᠃

    ᠨᠢᠭᠡᠲᠦᠭᠰᠡᠨ ᠦᠨᠳᠦᠰᠦᠨ ᠤ ᠪᠠᠶᠢᠭᠤᠯᠭ᠎ᠠ ᠶᠢᠨ ᠤᠷᠴᠢᠨ ᠲᠤᠭᠤᠷᠢᠨ ᠤ ᠲᠦᠯᠦᠪᠵᠢᠬᠦᠯᠦᠭᠡ ᠶᠢᠨ ᠵᠠᠬᠢᠷᠭᠠᠨ ᠤ ᠤᠨᠴᠠᠯᠠᠭᠰᠠᠨ ᠢᠶᠡᠷ᠂ ᠺᠧᠨᠢᠶᠠ ᠶᠢᠨ ᠬᠡᠲᠦ ᠲᠡᠯᠭᠡᠭᠦᠷ ᠵᠢᠯ ᠪᠦᠷᠢ 1 ᠳ᠋ᠦᠩᠰᠢᠭᠤᠷ ᠤᠷᠴᠢᠮ ᠰᠦᠯᠢᠶᠤᠤ ᠤᠭᠤᠲᠠ ᠭᠠᠷᠭᠠᠲᠠᠭ᠃ ᠨᠡᠶᠢᠰᠯᠡᠯ ᠨᠠᠶᠢᠷᠤᠪᠢ ᠶᠢᠨ ᠵᠡᠭᠡᠯᠢ ᠭᠤᠲᠤᠮᠵᠢ ᠪᠡᠷ ᠭᠠᠵᠠᠷ ᠰᠠᠶ ᠦᠭᠡᠢ ᠰᠦᠯᠢᠶᠤᠤ ᠤᠭᠤᠲᠠ ᠬᠠᠷᠠᠭᠲᠠᠵᠤ᠂ ᠬᠤᠭ ᠤᠨ ᠤᠪᠤᠭ᠎ᠠ ᠴᠤ ᠰᠦᠯᠢᠶᠤᠤ ᠤᠭᠤᠲᠠ ᠪᠡᠷ ᠲᠦᠭᠦᠷᠴᠦ ᠪᠠᠶᠢᠲᠠᠭ᠃

    ᠰᠦᠯᠢᠶᠤᠤ ᠤᠭᠤᠲᠠ ᠦᠢᠯᠡᠳᠪᠦᠷᠢᠯᠡᠬᠦ ᠠᠷᠠᠯᠵᠢᠶᠠᠴᠢᠳ ᠤᠨ ᠦᠵᠡᠬᠦ ᠪᠡᠷ ᠡᠨᠡᠬᠦ ᠲᠤᠭᠲᠠᠭᠠᠯ ᠨᠢ ᠬᠦᠮᠦᠰ ᠢ ᠠᠵᠢᠯ ᠠᠯᠲᠠᠭᠤᠯᠬᠤ ᠪᠤᠯᠤᠨ᠎ᠠ ᠭᠡᠵᠡᠢ᠃ ᠭᠡᠬᠦ ᠳ᠋ᠤ ᠺᠧᠨᠢᠶᠠ ᠶᠢᠨ ᠪᠠᠶᠢᠭᠠᠯᠢ ᠤᠷᠴᠢᠨ ᠤ ᠶᠠᠮᠤᠨ ᠤ ᠰᠠᠶᠢᠳ ᠤᠨ ᠦᠵᠡᠬᠦ ᠪᠡᠷ ᠪᠤᠬᠢᠷᠳᠤᠯ ᠦᠭᠡᠢ ᠰᠦᠯᠢᠶᠤᠤ ᠤᠭᠤᠲᠠ ᠬᠡᠷᠡᠭᠯᠡᠬᠦ ᠨᠢ ᠨᠡᠩ ᠤᠯᠠᠨ ᠠᠵᠢᠯ ᠤᠨ ᠪᠠᠶᠢᠷᠢ ᠬᠠᠩᠭ᠋ᠠᠬᠤ ᠪᠤᠯᠤᠨ᠎ᠠ ᠭᠡᠵᠡᠢ᠃

    ᠨᠢᠭᠡᠲᠦᠭᠰᠡᠨ ᠦᠨᠳᠦᠰᠦᠨ ᠤ ᠪᠠᠶᠢᠭᠤᠯᠭ᠎ᠠ ᠶᠢᠨ ᠤᠷᠴᠢᠨ ᠲᠤᠭᠤᠷᠢᠨ ᠤ ᠲᠦᠯᠦᠪᠵᠢᠬᠦᠯᠦᠭᠡ ᠶᠢᠨ ᠵᠠᠬᠢᠷᠭᠠᠨ ᠤ ᠦᠵᠡᠬᠦ ᠪᠡᠷ ᠰᠦᠯᠢᠶᠤᠤ ᠤᠭᠤᠲᠠ ᠨᠢ ᠪᠠᠶᠢᠭᠠᠯᠢ ᠤᠷᠴᠢᠨ ᠢ ᠡᠪᠲᠡᠬᠦ ᠪᠡᠷ ᠪᠠᠷᠠᠬᠤ ᠦᠭᠡᠢ ᠡᠷᠡᠬᠦᠯ ᠮᠡᠨᠲᠦ ᠶᠢ ᠴᠤ ᠨᠦᠯᠦᠭᠡᠯᠡᠲᠡᠭ᠃ ᠲᠠᠷᠢᠶᠠᠨ ᠭᠠᠵᠠᠷ ᠢ ᠡᠪᠲᠡᠵᠦ᠂ ᠵᠢᠭᠤᠯᠴᠢᠯᠠᠯ ᠤᠨ ᠪᠦᠰᠡ ᠶᠢ ᠪᠤᠬᠢᠷᠲᠤᠭᠤᠯᠤᠨ᠂ ᠱᠦᠯᠬᠦᠭᠡ ᠡᠪᠡᠳᠴᠢᠨ ᠵᠡᠷᠭᠡ ᠬᠠᠯᠲᠠᠪᠤᠷᠢᠲᠤ ᠡᠪᠡᠳᠴᠢᠨ ᠲᠡᠯᠭᠡᠷᠡᠬᠦᠯᠬᠦ ᠪᠤᠯᠤᠨ᠎ᠠ ᠭᠡᠵᠡᠢ᠃

    ᠰᠢᠪᠠᠭᠤᠨ ᠤ ᠲᠦᠷᠦᠯ᠂ ᠵᠢᠭᠠᠰᠳ ᠤ ᠲᠦᠷᠦᠯ ᠰᠦᠯᠢᠶᠤᠤ ᠤᠭᠤᠲᠠ  ᠢᠲᠡᠭᠰᠡᠨ ᠡᠴᠡ ᠪᠤᠯᠵᠤ ᠦᠬᠦᠲᠡᠭ᠃ ᠵᠢᠯ ᠪᠦᠷᠢ 800 ᠲᠦᠮᠡᠨ ᠲᠤᠨ ᠤ ᠰᠦᠯᠢᠶᠤᠤ ᠲᠠᠯᠠᠢ ᠲᠠᠩᠬᠢᠰ ᠤᠷᠤᠭᠤ ᠤᠷᠤᠲᠠᠭ᠂ ᠡᠭᠦᠨ ᠳ᠋ᠤ ᠬᠠᠭᠠᠰ ᠨᠢ ᠰᠦᠯᠢᠶᠤᠤ ᠤᠭᠤᠲᠠ ᠪᠤᠯᠤᠨ᠎ᠠ᠃ ᠨᠢᠭᠡᠲᠦᠭᠰᠡᠨ ᠦᠨᠳᠦᠰᠦᠨ ᠤ ᠪᠠᠶᠢᠭᠤᠯᠭ᠎ᠠ ᠶᠢᠨ ᠤᠷᠴᠢᠨ ᠲᠤᠭᠤᠷᠢᠨ ᠤ ᠲᠦᠯᠦᠪᠵᠢᠬᠦᠯᠦᠭᠡ ᠶᠢᠨ ᠵᠠᠬᠢᠷᠭᠠᠨ ᠤ ᠲᠤᠭᠠᠴᠠᠭᠠᠯᠠᠭᠰᠠᠨ ᠢᠶᠡᠷ᠂ 2050 ᠤᠨ ᠪᠤᠯᠬᠤ ᠳ᠋ᠤ ᠲᠠᠯᠠᠢ ᠲᠠᠩᠬᠢᠰ ᠤᠨ ᠰᠦᠯᠢᠶᠤᠤ ᠵᠢᠭᠠᠰᠤ ᠡᠴᠡ ᠴᠤ ᠤᠯᠠᠨ ᠪᠤᠯᠲᠠᠭ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121561459