蒙古文网站Logo
ᠰᠢᠨᠬᠤᠸᠠ ᠮᠤᠩᠭ᠋ᠤᠯ ᠨᠧᠲ

ᠬᠠᠷ᠎ᠠ ᠰᠠᠯᠬᠢ 《ᠢᠷᠮᠠ》 ᠳ᠋ᠤ ᠺᠦᠪᠡ ᠶᠢᠨ 10 ᠢᠷᠭᠡᠨ ᠠᠮᠢ ᠨᠠᠰᠤ ᠪᠠᠨ ᠠᠯᠲᠠᠪᠠ

2017-09-12 16:41

    ᠰᠢᠨᠬᠤᠧᠠ ᠬᠤᠷᠢᠶ᠎ᠠ   ᠬᠠᠧᠠᠨᠠ ᠶᠢᠨ 9 ᠰᠠᠷ᠎ᠠ ᠶᠢᠨ 11 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠮᠠ ᠭᠦᠢ ᠬᠤᠧᠠ ) ᠺᠦᠪᠠ ᠶᠢᠨ ᠲᠦᠷᠦ ᠶᠢᠨ ᠲᠧᠯᠸᠢᠰ ᠬᠤᠷᠢᠶᠠᠨ ᠤ 11 ᠤ ᠡᠲᠦᠷ ᠤᠨ ᠮᠡᠲᠡᠭᠡᠯᠡᠭᠰᠡᠨ ᠢᠶᠡᠷ᠂ ᠲᠤᠰ ᠤᠯᠤᠰ ᠤᠨ ᠠᠲᠠᠭ ᠲᠠᠭᠠᠨ 10 ᠢᠷᠭᠡᠨ ᠠᠶᠤᠯᠲᠤ ᠰᠠᠯᠬᠢ 《ᠢᠷᠮᠠ》 ᠳ᠋ᠤ ᠲᠠᠭᠠᠷᠢᠭᠲᠠᠵᠤ ᠠᠮᠢ ᠨᠠᠰᠤ ᠪᠠᠨ ᠠᠯᠲᠠᠭᠰᠠᠨ ᠭᠡᠵᠡᠢ᠃

    9 ᠰᠠᠷ᠎ᠠ ᠶᠢᠨ 8 ᠤ ᠡᠲᠦᠷ ᠡᠴᠡ 10 ᠤ ᠡᠲᠦᠷ ᠪᠤᠯᠲᠠᠯ᠎ᠠ ᠬᠠᠷ᠎ᠠ ᠰᠠᠯᠬᠢ 《ᠢᠷᠮᠠ》ᠺᠦᠪᠠ ᠶᠢᠨ ᠲᠤᠮᠲᠠ ᠪᠠᠷᠠᠭᠤᠨ ᠪᠦᠰᠡ ᠶᠢ ᠲᠠᠭᠠᠷᠢᠵᠤ᠂ ᠴᠢᠩᠭ᠋᠎ᠠ ᠬᠦᠴᠦᠲᠡᠢ ᠪᠤᠷᠤᠭᠠᠨ ᠤ ᠨᠦᠯᠦᠭᠡᠯᠡᠯ ᠢᠶᠡᠷ ᠺᠦᠪᠠ ᠶᠢᠨ ᠤᠯᠠᠨ ᠭᠡᠷ ᠪᠠᠶᠢᠰᠢᠩ ᠨᠤᠷᠠᠨ ᠦᠶᠡᠷ ᠲᠤ ᠠᠪᠲᠠᠵᠤ᠂ ᠡᠷᠴᠢᠮ ᠬᠦᠴᠤ ᠪᠠ ᠠᠶᠠᠯᠠᠯ ᠵᠢᠭᠤᠯᠴᠢᠯᠠᠯ ᠤᠨ ᠲᠦᠭᠦᠭᠡᠷᠦᠮᠵᠢ ᠬᠦᠨᠳᠦ ᠨᠤᠴᠢᠲᠠᠢ ᠡᠪᠲᠡᠭᠲᠡᠵᠦ᠂ ᠬᠡᠲᠦᠨ ᠵᠠᠭᠤᠨ ᠲᠦᠮᠡᠨ ᠢᠷᠭᠡᠳ ᠢ ᠪᠠᠴᠢᠮ ᠰᠢᠯᠵᠢᠬᠦᠯᠪᠡ᠃ ᠤᠲᠤᠬᠠᠨ ᠳ᠋ᠤ ᠲᠤᠰ ᠤᠯᠤᠰ ᠤᠨ ᠶᠡᠬᠡᠩᠬᠢ ᠮᠤᠵᠢ ᠭᠠᠮᠰᠢᠭ ᠤᠨ ᠲᠠᠷᠠᠭᠠᠬᠢ ᠲᠠᠬᠢᠨ ᠪᠠᠶᠢᠭᠤᠯᠤᠯᠲᠠ ᠶᠢᠨ ᠠᠵᠢᠯ ᠢᠶᠡᠨ ᠡᠬᠢᠯᠡᠬᠦᠯᠪᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121650926