蒙古文网站Logo
ᠰᠢᠨᠬᠤᠸᠠ ᠮᠤᠩᠭ᠋ᠤᠯ ᠨᠧᠲ

ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠠᠶᠤᠯᠬᠦᠢ ᠶᠢᠨ ᠵᠦᠪᠯᠡᠯ ᠰᠤᠯᠤᠩᠭ᠋ᠤᠰ ᠲᠤ ᠴᠢᠩᠭ᠋᠎ᠠ ᠬᠠᠲᠠᠭᠤ ᠵᠠᠯᠬᠠᠭᠠᠯ ᠶᠠᠪᠤᠭᠤᠯᠬᠤ ᠰᠢᠢᠳᠪᠦᠷᠢ ᠶᠢ ᠪᠠᠲᠤᠯᠠᠪᠠ

2017-09-12 16:42

    ᠰᠢᠨᠬᠤᠧᠠ ᠬᠤᠷᠢᠶ᠎ᠠ   ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ 9 ᠰᠠᠷ᠎ᠠ ᠶᠢᠨ 11 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠸᠠᠩ ᠵᠢᠶᠠᠨ ᠭᠠᠩ᠂ ᠱᠠᠩ ᠰᠢᠦᠢ ᠴᠢᠶᠠᠨ ) 11 ᠤ ᠡᠲᠦᠷ᠂ ᠨᠢᠭᠡᠲᠦᠭᠰᠡᠨ ᠦᠨᠳᠦᠰᠦᠨ ᠤ ᠪᠠᠶᠢᠭᠤᠯᠭ᠎ᠠ ᠶᠢᠨ ᠠᠶᠤᠯᠬᠦᠢ ᠶᠢᠨ ᠵᠦᠪᠯᠡᠯ ᠰᠠᠨᠠᠯ ᠨᠢᠭᠡᠲᠡᠢ ᠪᠡᠷ 2375 ᠲᠤᠭᠠᠲᠤ ᠰᠢᠢᠳᠪᠦᠷᠢ ᠶᠢ ᠪᠠᠲᠤᠯᠭᠠᠵᠢᠭᠤᠯᠪᠠ᠃ ᠲᠤᠰ ᠰᠢᠢᠳᠪᠦᠷᠢ ᠨᠢ ᠰᠤᠯᠤᠩᠭ᠋ᠤᠰ ᠲᠤ ᠰᠢᠨ᠎ᠡ ᠪᠡᠷ ᠵᠠᠯᠬᠠᠭᠠᠯ ᠶᠠᠪᠤᠭᠤᠯᠬᠤ ᠶᠢᠨ ᠬᠠᠮᠲᠤ ᠰᠤᠯᠤᠩᠭ᠋ᠤᠰ ᠬᠤᠶᠢᠭ ᠪᠠ ᠵᠡᠬᠦᠨ ᠬᠤᠶᠢᠲᠤ ᠠᠽᠢᠶ᠎ᠠ ᠶᠢᠨ ᠡᠩᠬᠡ ᠲᠠᠶᠢᠪᠤᠩ ᠠᠮᠤᠷ ᠲᠤᠭᠲᠠᠭᠤᠨ ᠢ ᠬᠠᠮᠠᠭᠠᠯᠠᠬᠤ ᠪᠡᠷ ᠵᠤᠷᠢᠯᠲᠠ ᠪᠤᠯᠭᠠᠨ᠂ ᠭᠠᠲᠠᠭᠠᠲᠤ ᠬᠠᠷᠢᠯᠴᠠᠭ᠎ᠠ ᠪᠠ ᠤᠯᠤᠰ ᠲᠦᠷᠦ ᠶᠢᠨ ᠠᠷᠭ᠎ᠠ ᠪᠡᠷ ᠡᠶ᠎᠎ᠠ ᠨᠠᠶᠢᠷᠠᠮᠲᠠᠭᠤ ᠪᠡᠷ ᠠᠰᠠᠭᠤᠲᠠᠯ ᠢ ᠰᠢᠢᠳᠪᠦᠷᠢᠯᠡᠬᠦ ᠶᠢ ᠤᠷᠢᠶᠠᠯᠠᠪᠠ᠃

    ᠲᠤᠰ ᠰᠢᠢᠳᠪᠦᠷᠢ ᠶᠢ ᠦᠨᠳᠦᠰᠦᠯᠡᠪᠡᠯ᠂ ᠲᠡᠯᠡᠬᠡᠢ ᠨᠡᠶᠢᠲᠡ ᠰᠤᠯᠤᠩᠭ᠋ᠤᠰ ᠲᠤ ᠭᠠᠷᠭᠠᠬᠤ ᠴᠢᠯᠠᠭᠤᠨ ᠲᠤᠰᠤᠨ ᠤ ᠬᠡᠮᠵᠢᠶ᠎ᠠ ᠪᠠᠨ ᠪᠠᠭᠠᠰᠬᠠᠵᠤ᠂ ᠰᠤᠯᠤᠩᠭ᠋ᠤᠰ ᠤᠨ ᠨᠡᠬᠡᠮᠡᠯ ᠤᠨ ᠪᠦᠲᠦᠭᠡᠭ᠍ᠲᠡᠬᠦᠨ ᠤ ᠭᠠᠲᠠᠭᠰᠢ ᠭᠠᠷᠭᠠᠬᠤ ᠶᠢ ᠬᠤᠷᠢᠭᠯᠠᠬᠤ ᠶᠢᠨ ᠬᠠᠮᠲᠤ ᠰᠤᠯᠤᠩᠭ᠋ᠤᠰ ᠤᠨ ᠭᠠᠲᠠᠭᠠᠲᠤ ᠳ᠋ᠡᠬᠢ ᠬᠦᠯᠦᠰᠦᠨ ᠠᠵᠢᠯᠴᠢᠨ ᠤ ᠤᠯᠤᠰ ᠤᠨ ᠲᠤᠲᠤᠭᠠᠲᠤ ᠤᠷᠤᠭᠤ ᠪᠠᠨ ᠮᠦᠩᠬᠦ ᠭᠤᠪᠢᠭᠤᠯᠬᠤ ᠠᠵᠢᠯ ᠢ ᠬᠤᠷᠢᠭᠯᠠᠨ᠂ ᠬᠠᠮᠤᠭ ᠤᠨ ᠶᠡᠬᠡ ᠬᠡᠪᠴᠢᠶ᠎᠎ᠠ ᠪᠡᠷ ᠴᠦᠮ᠎ᠡ ᠶᠢᠨ ᠵᠡᠪᠰᠡᠭ ᠪᠠ ᠵᠠᠯᠠᠭᠤᠷᠲᠤ ᠰᠤᠮᠤ ᠰᠤᠲᠤᠯᠤᠨ ᠦᠢᠯᠡᠳᠬᠦ ᠲᠦᠰᠦᠯ ᠢ ᠬᠤᠷᠢᠭᠯᠠᠬᠤ ᠬᠡᠷᠡᠭᠲᠡᠢ ᠭᠡᠵᠡᠢ᠃

    ᠲᠤᠮᠲᠠᠲᠤ ᠤᠯᠤᠰ ᠡᠴᠡ ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠳ᠋ᠤ ᠪᠠᠶᠢᠩᠭ᠋ᠤ ᠰᠠᠭᠤᠭ᠎ᠠ ᠲᠦᠯᠦᠭᠡᠯᠡᠭᠴᠢ ᠯᠢᠦ ᠵᠢᠶᠧ ᠢ ᠲᠤᠰ ᠰᠢᠢᠳᠪᠦᠷᠢ ᠶᠢ ᠪᠠᠲᠤᠯᠠᠭᠰᠠᠨ ᠤ ᠲᠠᠷᠠᠭ᠎ᠠ᠂ ᠲᠤᠮᠲᠠᠲᠤ ᠶᠢᠨ ᠲᠠᠯ᠎ᠠ ᠰᠤᠯᠤᠩᠭ᠋ᠤᠰ ᠬᠤᠶᠢᠭ ᠤᠨ ᠴᠦᠮ᠎ᠡ ᠶᠢᠨ ᠵᠡᠪᠰᠡᠭ ᠦᠭᠡᠢ ᠪᠠᠶᠢᠬᠤ ᠶᠢ ᠪᠡᠶᠡᠯᠡᠬᠦᠯᠬᠦ ᠪᠡᠷ ᠵᠤᠷᠢᠭᠰᠠᠭᠠᠷ ᠢᠷᠡᠭᠰᠡᠨ ᠤ ᠬᠠᠮᠲᠤ ᠰᠤᠯᠤᠩᠭ᠋ᠤᠰ ᠬᠤᠶᠢᠭ ᠤᠨ ᠡᠩᠬᠡ ᠲᠠᠶᠢᠪᠤᠩ ᠠᠮᠤᠷ ᠲᠤᠭᠲᠠᠭᠤᠨ ᠢ ᠬᠠᠮᠠᠭᠠᠯᠠᠨ᠂ ᠬᠡᠯᠡᠯᠴᠡᠭᠡ ᠬᠢᠬᠦ ᠪᠡᠷ ᠠᠰᠠᠭᠤᠲᠠᠯ ᠰᠢᠢᠳᠪᠦᠷᠢᠯᠡᠬᠦ ᠶᠢ ᠪᠠᠷᠢᠮᠲᠠᠯᠠᠭᠰᠠᠭᠠᠷ ᠢᠷᠡᠭᠰᠡᠨ ᠭᠡᠵᠡᠢ᠃

    9 ᠰᠠᠷ᠎ᠠ ᠶᠢᠨ 3 ᠤ ᠡᠲᠦᠷ ᠰᠤᠯᠤᠩᠭ᠋ᠤᠰ ᠤᠨ ᠵᠢᠷᠭᠤᠲᠤᠭᠠᠷ ᠤᠲᠠᠭᠠᠨ ᠤ ᠴᠦᠮ᠎ᠡ ᠶᠢᠨ ᠲᠤᠷᠰᠢᠯᠲᠠ ᠳ᠋ᠤ ᠴᠢᠭᠯᠡᠬᠦᠯᠦᠨ ᠲᠠᠷᠠᠭ᠎ᠠ ᠡᠲᠦᠷ ᠨᠢ ᠠᠮᠧᠷᠢᠺᠠ ᠠᠶᠤᠯᠬᠦᠢ ᠶᠢᠨ ᠵᠦᠪᠯᠡᠯ ᠤᠨ ᠭᠡᠰᠢᠬᠦᠳ ᠲᠤ ᠰᠤᠯᠤᠩᠭ᠋ᠤᠰ ᠢ ᠵᠠᠯᠬᠠᠭᠠᠬᠤ ᠲᠤᠬᠠᠢ ᠰᠢᠢᠳᠪᠦᠷᠢ ᠶᠢᠨ ᠡᠬᠡ ᠨᠤᠤᠷᠠᠭ ᠢ ᠲᠠᠷᠬᠠᠭᠠᠨ᠂ ᠠᠶᠤᠯᠬᠦᠢ ᠶᠢᠨ ᠵᠦᠪᠯᠡᠯ ᠤᠨ 15 ᠭᠡᠰᠢᠬᠦᠨ ᠤᠯᠤᠰ ᠢᠶᠡᠷ ᠶᠠᠷᠢᠯᠴᠠᠭᠤᠯᠪᠠ᠃ ᠲᠤᠰ ᠰᠢᠢᠳᠪᠦᠷᠢ ᠪᠤᠯ ᠨᠢᠭᠡᠲᠦᠭᠰᠡᠨ ᠦᠨᠳᠦᠰᠦᠨ ᠤ ᠪᠠᠶᠢᠭᠤᠯᠭ᠎ᠠ ᠶᠢᠨ ᠠᠶᠤᠯᠬᠦᠢ ᠶᠢᠨ ᠵᠦᠪᠯᠡᠯ 2006 ᠤᠨ ᠡᠴᠡ ᠨᠠᠰᠢ ᠰᠤᠯᠤᠩᠭ᠋ᠤᠰ ᠤᠨ ᠴᠦᠮ᠎ᠡ ᠶᠢᠨ ᠵᠡᠪᠰᠡᠭ ᠵᠠᠯᠠᠭᠤᠷᠲᠤ ᠰᠤᠮᠤ ᠶᠢᠨ ᠲᠦᠰᠦᠯ ᠢ ᠵᠠᠯᠬᠠᠭᠠᠬᠤ ᠶᠢᠰᠦᠲᠦᠭᠡᠷ ᠰᠢᠢᠳᠪᠦᠷᠢ ᠪᠤᠯᠤᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121650955