蒙古文网站Logo
ᠰᠢᠨᠬᠤᠸᠠ ᠮᠤᠩᠭ᠋ᠤᠯ ᠨᠧᠲ

ᠳᠡᠯᠡᠬᠡᠢ ᠶᠢᠨ ᠬᠠᠮᠤᠭ ᠤᠨ ᠤᠷᠲᠤ ᠢᠰᠡᠭᠡᠢ ᠰᠢᠷᠠᠮᠡᠯ 《ᠮᠣᠩ᠋ᠭᠤᠯ ᠤᠨ ᠨᠢᠭᠤᠴᠠ ᠲᠤᠪᠴᠢᠶᠠᠨ》ᠤᠯᠠᠭᠠᠨᠪᠠᠭᠠᠲᠤᠷ ᠬᠤᠲᠠ ᠳᠤ ᠳᠡᠯᠭᠡᠭ᠍ᠳᠡᠪᠡ

2017-09-13 19:25

    ᠰᠢᠨᠬᠤᠧᠠ ᠨᠧᠲ  ᠤᠯᠠᠭᠠᠨᠪᠠᠭᠠᠲᠤᠷ  ᠤᠨ 9 ᠰᠠᠷ᠎ᠠ ᠶᠢᠨ 13 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠬᠴᠢ ᠠᠰᠬᠠᠨ )13 ᠤ ᠡᠳᠦᠷ᠂ ᠳᠡᠯᠡᠬᠡᠢ ᠶᠢᠨ ᠬᠠᠮᠤᠭ ᠤᠨ ᠤᠷᠲᠤ ᠢᠰᠡᠭᠡᠢ ᠰᠢᠷᠠᠮᠡᠯ 《ᠮᠣᠩ᠋ᠭᠤᠯ ᠤᠨ ᠨᠢᠭᠤᠴᠠ ᠲᠤᠪᠴᠢᠶᠠᠨ》ᠮᠣᠩᠭᠤᠯ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠤᠲᠠ ᠶᠢᠨ ᠰᠦᠬᠡᠪᠠᠭᠠᠲᠤᠷ ᠲᠠᠯᠠᠪᠠᠢ ᠳᠤ ᠳᠡᠯᠭᠡᠭ᠍ᠳᠡᠭᠰᠡᠨ ᠪᠠᠶᠢᠨ᠎ᠠ᠃

    ᠮᠣᠩᠭᠤᠯ ᠲᠤᠯᠭᠠᠲᠠᠨ ᠤ ᠤᠯᠠᠮᠵᠢᠯᠠᠯᠲᠤ ᠭᠠᠷ ᠤᠷᠠᠯᠠᠯ ᠤᠨ ᠨᠢᠬᠡ ᠲᠦᠷᠦᠯ ᠪᠤᠯᠬᠤ ᠢᠰᠡᠭᠡᠢ ᠰᠢᠷᠠᠮᠡᠯ ᠢ ᠬᠤᠶᠢᠴᠢ ᠦᠶ᠎ᠠ ᠳᠤ ᠪᠡᠨ ᠵᠠᠯᠭᠠᠮᠵᠢᠯᠠᠭᠤᠯᠤᠨ ᠦᠯᠡᠳᠡᠭᠡᠬᠦ ᠵᠤᠷᠢᠯᠭ᠎ᠠ ᠲᠠᠢ ᠪᠡᠷ ᠴᠢᠩᠬᠢᠰ ᠬᠠᠭᠠᠨ ᠤ ᠦᠶ᠎ᠠ ᠶᠢᠨ ᠠᠵᠤ ᠠᠬᠤᠢ᠂ ᠠᠮᠢᠳᠤᠷᠠᠯ᠂ ᠶᠤᠰᠤ ᠵᠠᠩᠰᠢᠯ ᠢ ᠬᠠᠷᠠᠭᠤᠯᠤᠭᠰᠠᠨ ᠪᠦᠲᠦᠬᠡᠯ ᠢ ᠤᠷᠠᠯᠠᠬᠰᠠᠨ ᠶᠤᠮ᠃

    ᠲᠤᠰ ᠪᠦᠲᠦᠬᠡᠯ ᠳᠤ᠂ ᠢᠰᠡᠬᠡᠢ ᠳᠡᠭᠡᠷ᠎ᠠ ᠮᠣᠩ᠋ᠭᠤᠯ ᠤᠨ ᠨᠢᠭᠤᠴᠠ ᠲᠤᠪᠴᠢᠶᠠᠨ ᠪ ᠵᠢᠷᠤᠭ ᠤᠨ ᠬᠠᠭᠤᠯᠤᠮᠵᠢ ᠶᠢ ᠵᠡᠭᠡᠭ᠍ᠯᠡᠨ ᠰᠢᠷᠡᠬᠦ ᠠᠷᠭ᠎ᠠ ᠪᠡᠷ ᠤᠷᠠᠯᠠᠬᠰᠠᠨ᠂ ᠮᠦᠨ ᠪᠦᠲᠦᠬᠡᠯ ᠳᠤ ᠮᠣᠩᠭᠤᠯ ᠦᠨᠳᠤᠰᠤᠲᠠᠨ ᠤ ᠬᠡ ᠤᠭᠠᠯᠵᠠ᠂ ᠮᠣᠩᠭᠤᠯ ᠵᠢᠷᠤᠭ᠂ ᠾᠦᠩᠨᠦ ᠶᠢᠨ ᠦᠶ᠎ᠠ ᠶᠢᠨ ᠪᠤᠭᠤ ᠶᠢᠨ ᠬᠦᠰᠢᠶ ᠠ᠂ ᠬᠠᠳᠠᠨ ᠤ ᠰᠦᠭ ᠵᠢᠷᠤᠭ᠂ ᠮᠣᠩᠭᠤᠯ  ᠶᠤᠰᠤ ᠵᠠᠩᠰᠢᠯ ᠪᠤᠯᠬᠤ ᠨᠡᠬᠦᠳᠡᠯᠯᠡᠬᠦ᠂ ᠮᠠᠯ ᠮᠠᠯᠯᠠᠬᠤ᠂ ᠪᠦᠬᠡ ᠶᠢᠨ ᠤᠶᠢᠯᠠ᠂ ᠤᠷᠠᠨ ᠳᠠᠷᠬᠠᠨ ᠤ ᠥᠢᠯᠡ ᠪᠤᠯᠤᠨ ᠪᠤᠰᠤᠳ ᠥᠢᠯᠡ ᠶᠠᠪᠤᠴᠠ ᠶᠢ ᠪᠠᠬᠲᠠᠭᠠᠨ ᠬᠠᠷᠠᠭᠤᠯᠤᠭᠰᠠᠨ ᠪᠦᠬᠡᠳ ᠮᠣᠩ᠋ᠭᠤᠯ ᠤᠯᠤᠰ ᠤᠨ 21 ᠠᠶᠢᠮᠠᠭ ᠤᠨ 5000 ᠭᠠᠷᠤᠢ ᠤᠷᠠᠯᠠᠭᠠᠴᠢ᠂ ᠥᠢᠯᠡᠴᠢᠳ ᠤᠷᠤᠯᠴᠠᠬᠰᠠᠨ ᠪᠢᠯᠡ᠃ ᠢᠰᠡᠬᠡᠢ ᠤᠷᠠᠯᠠᠯ ᠢ ᠪᠦᠲᠦᠬᠡᠬᠦ ᠳᠤ ᠪᠦᠲᠦᠨ ᠬᠤᠶᠠᠷ ᠵᠢᠯ ᠬᠡᠷᠡᠭᠯᠡᠭᠰᠡᠨ ᠪᠠᠶᠢᠨ᠎ᠠ᠃

    ᠤᠭ ᠪᠦᠲᠦᠬᠡᠯ ᠢ ᠤᠷᠠᠯᠠᠬᠤ ᠶᠠᠪᠤᠴᠠ ᠳᠤ 4000 ᠭᠠᠷᠤᠢ ᠬᠦᠮᠦᠰ ᠲᠤ ᠰᠢᠷᠡᠬᠦ ᠤᠶᠤᠳᠠᠯ ᠢ ᠵᠢᠭᠠᠵᠤ ᠰᠤᠷᠭᠠᠭᠰᠠᠨ᠃ ᠡᠨᠡᠬᠦ ᠲᠦᠷᠰᠦᠯᠢᠭ ᠤᠷᠠᠯᠢᠭ ᠤᠨ ᠪᠦᠲᠤᠬᠡᠯ ᠢ ᠤᠷᠠᠯᠠᠬᠤ ᠶᠠᠪᠤᠴᠠ ᠳᠤ ᠳᠤᠮᠳᠠᠳᠤ ᠤᠯᠤᠰ ᠤᠨ ᠥᠪᠦᠷ ᠮᠣᠩᠭᠤᠯ᠂  ᠤᠷᠤᠰ ᠤᠨ ᠲᠤᠧᠠ ᠪᠤᠯᠤᠨ ᠪᠤᠷᠢᠶᠠᠳ᠂ ᠬᠠᠯᠢᠮᠠᠭ᠂ ᠺᠢᠷᠭᠢᠽᠰᠲ᠋ᠠᠨ ᠵᠡᠷᠭᠡ ᠤᠯᠠᠨ ᠤᠯᠤᠰ ᠤᠳ ᠤᠨ ᠤᠷᠠᠯᠠᠭᠠᠴᠢᠳ ᠬᠠᠮᠳᠤᠷᠠᠨ ᠤᠷᠤᠯᠴᠠᠬᠰᠠᠨ ᠶᠤᠮ᠃

    ᠤᠭ ᠪᠦᠲᠤᠬᠡᠯ ᠳᠤ 108 ᠮᠧᠲ᠋ᠷ ᠴᠠᠭᠠᠨ ᠢᠰᠡᠬᠡᠢ᠂ 2000 ᠺᠢᠯᠤᠭ᠍ᠷᠠᠮ ᠵᠡᠬᠡᠭ᠌᠂ 20000 ᠺᠢᠯᠤᠭ᠍ᠷᠠᠮ ᠲᠡᠮᠡᠬᠡᠨ ᠤ ᠤᠳᠠᠰᠤ᠂ 120 ᠰᠢᠷᠭᠡᠭ᠌ ᠵᠡᠬᠦᠦ᠂ 32 ᠦᠩᠬᠡ ᠶᠢᠨ 100 ᠭᠠᠷᠤᠢ ᠯᠢᠲ᠋ᠷ ᠪᠤᠳᠤᠭ ᠵᠡᠷᠭᠡ ᠶᠢ ᠬᠡᠷᠡᠭᠯᠡᠭᠰᠡᠨ ᠪᠠᠶᠢᠨ᠎ᠠ᠃ ᠤᠨ ᠲᠤᠭᠠᠯᠠᠯ ᠤᠨ 1240 ᠤᠨ ᠳᠤ ᠪᠦᠲᠦᠬᠡᠭ᠍ᠰᠡᠨ 《ᠮᠣᠩ᠋ᠭᠤᠯ ᠤᠨ ᠨᠢᠭᠤᠴᠠ ᠲᠤᠪᠴᠢᠶᠠᠨ》 ᠪᠤᠯ ᠮᠣᠩ᠋ᠭᠤᠯ ᠦᠨᠳᠤᠰᠤᠲᠠᠨ ᠤ ᠲᠡᠤᠬᠡ ᠶᠢᠨ ᠤᠳᠬ᠎ᠠ ᠵᠣᠬᠢᠶᠠᠯ ᠤᠨ ᠠᠪᠤᠷᠭᠤ ᠪᠦᠲᠦᠬᠡᠯ ᠮᠦᠨ᠃ 1989 ᠤᠨ ᠳᠤ᠂ ᠨᠢᠭᠡᠳᠤᠭ᠍ᠰᠨᠨ ᠦᠨᠳᠤᠰᠤᠨ ᠤ ᠪᠠᠶᠢᠭᠤᠯᠤᠯᠭ᠎ᠠ ᠶᠢᠨ ᠰᠤᠷᠭᠠᠨ ᠬᠦᠮᠦᠵᠢᠯ ᠰᠤᠶᠤᠯ ᠰᠢᠨᠵᠢᠯᠡᠬᠦ ᠤᠬᠠᠭᠠᠨ ᠤ ᠵᠣᠬᠢᠶᠠᠨ ᠪᠠᠶᠢᠭᠤᠯᠤᠯᠲᠠ ᠡᠴᠡ ᠳᠡᠯᠡᠬᠡᠢ ᠶᠢᠨ ᠠᠯᠳᠠᠷᠲᠤ ᠵᠣᠬᠢᠶᠠᠯ ᠢᠶᠡᠷ ᠲᠤᠬᠲᠠᠭᠠᠬᠰᠠᠨ ᠶᠤᠮ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121658974