蒙古文网站Logo
ᠰᠢᠨᠬᠤᠸᠠ ᠮᠤᠩᠭ᠋ᠤᠯ ᠨᠧᠲ

ᠬ • ᠶᠠᠺᠤᠪ ᠰᠢᠩᠭ᠋ᠠᠫᠤᠷ ᠤᠨ ᠰᠢᠨ᠎ᠡ ᠶᠡᠷᠦᠩᠬᠡᠶᠢᠯᠡᠭᠴᠢ ᠪᠡᠷ ᠰᠤᠩᠭ᠋ᠤᠭᠲᠠᠪᠠ

2017-09-14 11:18

    ᠰᠢᠨᠬᠤᠧᠠ ᠬᠤᠷᠢᠶ᠎ᠠ   ᠪᠡᠭᠡᠵᠢᠩ ᠤᠨ 9 ᠰᠠᠷ᠎ᠠ ᠶᠢᠨ 13 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠪᠤᠤ ᠰᠢᠤᠸᠠᠢ ᠯᠢᠨ ) 13 ᠤ ᠡᠲᠦᠷ ᠤᠨ ᠦᠲᠡ ᠳ᠋ᠤ ᠰᠢᠩᠭ᠋ᠠᠫᠤᠷ ᠤᠨ ᠶᠡᠷᠦᠩᠬᠡᠶᠢᠯᠡᠭᠴᠢ ᠪᠡᠷ ᠨᠡᠷ᠎ᠡ ᠲᠡᠪᠰᠢᠭᠴᠢ ᠬ • ᠶᠠᠺᠤᠪ ᠦᠷᠢᠰᠦᠯᠲᠦᠭᠡᠨ ᠢᠶᠡᠷ ᠨᠡᠷ᠎ᠡ ᠲᠡᠪᠰᠢᠬᠦ ᠲᠠᠷᠠᠭᠠᠯᠠᠯ ᠤᠨ ᠲᠠᠭᠠᠤ ᠶᠡᠷᠦᠩᠬᠡᠶᠢᠯᠡᠭᠴᠢ ᠪᠡᠷ ᠰᠤᠩᠭ᠋ᠤᠭᠲᠠᠪᠠ᠃ ᠲᠡᠷᠡᠪᠡᠷ 14 ᠤ ᠡᠲᠦᠷ ᠶᠡᠷᠦᠩᠬᠡᠶᠢᠯᠡᠭᠴᠢ ᠶᠢᠨ ᠤᠷᠲᠤᠨ ᠳ᠋ᠤ ᠲᠠᠩᠭ᠋ᠠᠷᠢᠭ ᠡᠷᠬᠦᠵᠦ ᠲᠤᠰᠢᠶᠠᠯ ᠳ᠋ᠤ ᠭᠠᠷᠬᠤ ᠪᠤᠯᠤᠨ᠎ᠠ᠃ ᠢᠩᠭᠢᠭ᠍ᠰᠡᠨ ᠢᠶᠡᠷ ᠬ • ᠶᠠᠺᠤᠪ ᠰᠢᠩᠭ᠋ᠠᠫᠤᠷ ᠤᠨ ᠲᠡᠦᠬᠡᠨ ᠲᠡᠭᠡᠷᠡᠬᠢ ᠬᠠᠮᠤᠭ ᠤᠨ ᠠᠩᠬᠠᠨ ᠤ ᠡᠮᠡᠭᠲᠡᠢ ᠶᠡᠷᠦᠩᠬᠡᠶᠢᠯᠡᠭᠴᠢ ᠪᠤᠯᠤᠭᠰᠠᠨ ᠲᠡᠲᠦᠢ ᠦᠭᠡᠢ ᠠᠩᠬᠠᠨ ᠤ ᠶᠡᠷᠦᠩᠬᠡᠶᠢᠯᠡᠭᠴᠢ ᠶᠢᠨ ᠲᠠᠷᠠᠭ᠎ᠠ ᠮᠠᠯᠠᠢ ᠦᠨᠳᠦᠰᠦᠲᠡᠨ ᠤ ᠲᠤᠮᠲᠠ ᠡᠴᠡ ᠲᠠᠬᠢᠨ ᠰᠤᠩᠭ᠋ᠤᠭᠲᠠᠭᠰᠠᠨ ᠶᠡᠷᠦᠩᠬᠡᠶᠢᠯᠡᠭᠴᠢ ᠪᠤᠯᠵᠠᠢ᠃

    ᠶᠠᠺᠤᠪ ᠦᠷᠢᠰᠦᠯᠲᠦᠭᠡᠨ ᠤ ᠶᠠᠷᠢᠶᠠᠨ ᠳ᠋ᠠᠭᠠᠨ᠂ ᠬᠡᠲᠦᠶᠢᠪᠡᠷ ᠲᠤᠰ ᠤᠲᠠᠭᠠᠨ ᠤ ᠰᠤᠩᠭ᠋ᠤᠭᠤᠯᠢ ᠨᠢ ᠬᠡᠪ ᠢᠶᠡᠷ ᠨᠢ ᠪᠠᠶᠢᠯᠭᠠᠬᠤ ᠰᠤᠩᠭ᠋ᠤᠭᠤᠯᠢ ᠪᠤᠯᠤᠭᠰᠠᠨ ᠴᠤ ᠦᠪᠡᠷ ᠢᠶᠡᠨ ᠬᠡᠪ ᠢᠶᠡᠷ ᠦᠯᠡᠲᠡᠭᠰᠡᠨ ᠶᠡᠷᠦᠩᠬᠡᠶᠢᠯᠡᠭᠴᠢ ᠪᠤᠯᠬᠤ ᠦᠭᠡᠢ᠃ ᠤᠯᠤᠰ ᠢᠷᠭᠡᠳ ᠲᠠᠢ ᠪᠠᠨ ᠬᠠᠮᠲᠤ ᠤᠷᠤᠭᠰᠢᠯᠠᠨ᠎ᠠ ᠭᠡᠵᠡᠢ᠃

    ᠰᠢᠩᠭ᠋ᠠᠫᠤᠷ ᠪᠤᠯ ᠬᠤᠧᠠ ᠦᠨᠳᠦᠰᠦᠲᠡᠨ᠂ ᠮᠠᠯᠠᠢ ᠦᠨᠳᠦᠰᠦᠲᠡᠨ᠂ ᠡᠨᠡᠳᠭᠡᠭ᠌ ᠦᠨᠳᠦᠰᠦᠲᠡᠨ ᠪᠠ ᠡᠸᠦ᠋ᠷᠦᠫᠠ ᠠᠽᠢᠶ᠎ᠠ ᠶᠢᠨ ᠬᠤᠶᠢᠴᠢᠰ ᠤᠯᠠᠩᠬᠢ ᠲᠤᠭ᠎ᠠ ᠡᠵᠡᠯᠡᠭᠰᠡᠨ ᠤᠯᠠᠨ ᠦᠨᠳᠦᠰᠦᠲᠡᠨ ᠤ ᠤᠯᠤᠰ ᠪᠤᠯᠤᠨ᠎ᠠ᠂ ᠡᠭᠦᠨ ᠳ᠋ᠤ ᠬᠤᠸᠠ ᠦᠨᠳᠦᠰᠦᠲᠡᠨ ᠨᠡᠶᠢᠲᠡ ᠬᠦᠮᠦᠨ ᠠᠮᠠ ᠶᠢᠨ 74ᠶ᠋ᠢ ᠡᠵᠡᠯᠡᠵᠦ᠂ ᠮᠠᠯᠠᠢ ᠦᠨᠳᠦᠰᠦᠲᠡᠨ 13ᠶ᠋ᠢ ᠡᠵᠡᠯᠡᠵᠦ᠂ ᠡᠨᠡᠳᠭᠡᠭ᠌ ᠦᠨᠳᠦᠰᠦᠲᠡᠨ 9ᠶ᠋ᠢ ᠡᠵᠡᠯᠡᠨ᠎ᠡ᠃

    ᠰᠢᠩᠭ᠋ᠠᠫᠤᠷ ᠤᠨ ᠶᠡᠷᠦᠩᠬᠡᠶᠢᠯᠡᠭᠴᠢ ᠬᠡᠲᠦᠶᠢᠪᠡᠷ ᠪᠡᠯᠭᠡᠲᠡᠯ ᠤᠨ ᠰᠢᠨᠵᠢ ᠲᠠᠢ ᠴᠤ ᠤᠯᠤᠰ ᠤᠨ ᠨᠦᠬᠡᠴᠡ ᠬᠦᠴᠦᠨ ᠳ᠋ᠤ ᠬᠡᠷᠡᠭᠯᠡᠬᠦ ᠬᠢᠨᠡᠯᠲᠠ ᠲᠠᠯᠪᠢᠬᠤ ᠡᠷᠬᠡ ᠲᠠᠢ᠂ ᠵᠠᠷᠢᠮ ᠴᠢᠬᠤᠯᠠ ᠪᠤᠯᠪᠠᠰᠤᠨ ᠬᠦᠴᠦᠨ ᠢ ᠲᠤᠭᠲᠠᠭᠠᠬᠤ ᠡᠷᠬᠡ ᠲᠠᠢ ᠪᠠᠶᠢᠲᠠᠭ᠃ 1992 ᠤᠨ ᠳ᠋ᠤ ᠰᠢᠩᠭ᠋ᠠᠫᠤᠷ ᠤᠨ ᠤᠯᠤᠰ ᠤᠨ ᠬᠤᠷᠠᠯ ᠡᠴᠡ ᠢᠷᠭᠡᠳ  ᠶᠢᠡᠷ ᠶᠡᠷᠦᠩᠬᠡᠶᠢᠯᠡᠭᠴᠢ ᠰᠤᠩᠭ᠋ᠤᠭᠤᠯᠬᠤ ᠬᠠᠦᠯᠢ ᠶᠢᠨ ᠲᠦᠰᠦᠯ ᠨᠡᠶᠢᠲᠡᠯᠡᠵᠦ 1993 ᠤᠨ ᠡᠴᠡ ᠡᠬᠢᠯᠡᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢ ᠵᠦᠪᠯᠯᠡᠭᠡᠨ ᠤ ᠬᠤᠷᠠᠯ ᠡᠴᠡ ᠰᠤᠩᠭ᠋ᠤᠵᠤ ᠪᠠᠶᠢᠭᠰᠠᠨ ᠢ ᠢᠷᠭᠡᠳ ᠤᠨ ᠰᠤᠩᠭ᠋ᠤᠭᠤᠯᠢ ᠪᠡᠷ ᠲᠠᠮᠵᠢᠨ ᠪᠤᠢ ᠪᠤᠯᠭᠠᠬᠤ ᠪᠡᠷ ᠲᠤᠭᠲᠠᠭᠠᠪᠠ᠃

    ᠨᠢᠲᠤᠨᠤᠨ ᠤ 11 ᠰᠠᠷ᠎ᠠ ᠶᠢᠨ 9 ᠤ ᠡᠲᠦᠷ᠂ ᠰᠢᠩᠭ᠋ᠠᠫᠤᠷ ᠤᠨ ᠤᠯᠤᠰ ᠤᠨ ᠬᠤᠷᠠᠯ ᠡᠴᠡ ᠦᠨᠳᠦᠰᠦᠨ ᠬᠠᠦᠯᠢ ᠳ᠋ᠤ ᠵᠠᠰᠠᠪᠤᠷ ᠤᠷᠤᠭᠤᠯᠬᠤ ᠲᠦᠰᠦᠯ ᠢ ᠪᠠᠲᠤᠯᠠᠵᠤ᠂ ᠢᠷᠭᠡᠳ ᠤᠨ ᠰᠤᠩᠭ᠋ᠤᠭᠤᠯᠢ ᠪᠡᠷ ᠲᠠᠮᠵᠢᠨ ᠪᠤᠢ ᠪᠤᠯᠬᠤ ᠶᠡᠷᠦᠩᠬᠡᠶᠢᠯᠡᠭᠴᠢ ᠶᠢᠨ ᠲᠦᠷᠢᠮ ᠢ ᠦᠭᠡᠷᠡᠴᠢᠯᠡᠵᠦ᠂ ᠴᠦᠬᠡᠨ ᠲᠤᠭᠠᠲᠤ ᠦᠨᠳᠦᠰᠦᠲᠡᠨ ᠤ ᠲᠦᠯᠦᠭᠡᠯᠡᠭᠴᠢ ᠶᠢᠨ ᠶᠡᠷᠦᠩᠬᠡᠶᠢᠯᠡᠭᠴᠢ ᠶᠢᠨ ᠲᠤᠰᠢᠶᠠᠯ ᠳ᠋ᠤ ᠰᠤᠩᠭ᠋ᠤᠭᠲᠠᠬᠤ ᠶᠢ ᠪᠠᠲᠤᠯᠠᠪᠠ᠃ ᠵᠠᠰᠠᠪᠤᠷᠢ ᠤᠷᠤᠭᠤᠯᠤᠭᠰᠠᠨ ᠦᠨᠳᠦᠰᠦᠨ ᠬᠠᠦᠯᠢ ᠳ᠋ᠤ᠂ 5 ᠡᠭᠡᠯᠵᠢ ᠶᠢᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠳ᠋ᠤ ᠠᠯᠢ ᠨᠢᠭᠡᠨ ᠴᠦᠬᠡᠨ ᠲᠤᠭᠠᠲᠤ ᠦᠨᠳᠦᠰᠦᠲᠡᠨ ᠤ ᠲᠦᠯᠦᠭᠡᠯᠡᠭᠴᠢ ᠶᠡᠷᠦᠩᠬᠡᠶᠢᠯᠡᠭᠴᠢ ᠪᠡᠷ ᠰᠤᠩᠭ᠋ᠤᠭᠲᠠᠭᠰᠠᠨ ᠦᠭᠡᠢ ᠪᠤᠯ ᠲᠠᠷᠠᠭ᠎ᠠ ᠡᠭᠡᠯᠵᠢ ᠶᠢᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠳ᠋ᠤ ᠰᠢᠭᠤᠳ ᠲᠤᠰ ᠦᠨᠳᠦᠰᠦᠲᠡᠨ ᠤ ᠲᠦᠯᠦᠭᠡᠯᠡᠭᠴᠢ ᠶᠢ ᠶᠡᠷᠦᠩᠬᠡᠶᠢᠯᠡᠭᠴᠢ ᠪᠡᠷ ᠰᠤᠩᠭ᠋ᠤᠨ᠎ᠠ ᠭᠡᠵᠦ ᠲᠤᠭᠲᠠᠭᠠᠪᠠ᠃

    ᠬ • ᠶᠠᠺᠤᠪ 1954 ᠤᠨ ᠤ 8 ᠰᠠᠷ᠎ᠠ ᠶᠢᠨ 23 ᠤ ᠡᠲᠦᠷ ᠲᠦᠷᠦᠪᠡ᠂ 63 ᠨᠠᠰᠤᠲᠠᠢ᠂ 5 ᠬᠡᠦᠬᠡᠳ ᠲᠠᠢ᠃ ᠲᠡᠷᠡᠪᠡᠷ ᠰᠢᠩᠭ᠋ᠠᠫᠤᠷ ᠤᠨ ᠤᠯᠤᠰ ᠤᠨ ᠶᠡᠬᠡ ᠰᠤᠷᠭᠠᠭᠤᠯᠢ ᠶᠢᠨ ᠬᠠᠦᠯᠢ ᠴᠠᠭᠠᠵᠠ ᠶᠢᠨ ᠰᠠᠯᠪᠤᠷᠢ ᠡᠴᠡ ᠲᠡᠭᠦᠰᠴᠦ᠂ ᠨᠢᠲᠤᠨᠤᠨ ᠤ 7 ᠰᠠᠷ᠎ᠠ ᠳ᠋ᠤ ᠰᠢᠩᠭ᠋ᠠᠫᠤᠷ ᠤᠨ ᠤᠯᠤᠰ ᠤᠨ ᠶᠡᠬᠡ ᠰᠤᠷᠭᠠᠭᠤᠯᠢ ᠶᠢᠨ ᠨᠡᠷ᠎ᠡ ᠬᠦᠨᠳᠦᠳᠦ ᠳ᠋ᠤᠺᠲ᠋ᠤᠷ ᠴᠤᠯᠠ ᠶᠢ ᠬᠦᠷᠲᠡᠪᠡ᠃

    ᠰᠢᠩᠭ᠋ᠠᠫᠤᠷ ᠤᠨ ᠤᠯᠤᠰ ᠲᠠᠶᠠᠭᠠᠷ ᠤᠨ ᠠᠵᠢᠯᠴᠢᠨ ᠤ ᠶᠡᠷᠦᠩᠬᠡᠢ ᠡᠪᠯᠡᠯ ᠳ᠋ᠤ 30 ᠭᠠᠷᠤᠢ ᠵᠢᠯ ᠵᠢᠳᠬᠦᠭ᠍ᠰᠡᠨ ᠬ • ᠶᠠᠺᠤᠪ  2011 ᠤᠨ ᠳ᠋ᠤ ᠵᠦᠪᠯᠯᠡᠭᠡᠨ  ᠤ ᠬᠤᠷᠠᠯ ᠤᠨ ᠰᠤᠩᠭ᠋ᠤᠭᠤᠯᠢ ᠳ᠋ᠤ ᠦᠷᠢᠰᠦᠯᠲᠦᠵᠦ ᠰᠢᠩᠭ᠋ᠠᠫᠤᠷ ᠤᠨ ᠨᠡᠶᠢᠭᠡᠮ ᠤᠨ ᠬᠦ᠍ᠭ᠍ᠵᠢᠯᠲᠠ᠂ ᠵᠠᠯᠠᠭᠤᠴᠤᠳ ᠪᠠ ᠪᠠᠶ᠎ᠠ ᠶᠢᠨ ᠲᠠᠮᠢᠷ ᠤᠨ ᠶᠠᠮᠤᠨ  ᠤ ᠵᠠᠰᠠᠭ ᠤᠨ ᠶᠠᠪᠤᠲᠠᠯ ᠤᠨ ᠲᠠᠷᠤᠭ᠎ᠠ ᠪᠡᠷ ᠠᠵᠢᠯᠯᠠᠵᠤ ᠦᠩᠭᠡᠷᠡᠪᠡ᠂ ᠡᠨᠡ ᠨᠢ ᠰᠢᠩᠭ᠋ᠠᠫᠤᠷ ᠤᠨ ᠲᠡᠦᠬᠡᠨ ᠲᠡᠭᠡᠷᠡᠬᠢ ᠵᠠᠰᠠᠭ ᠤᠨ ᠶᠠᠪᠤᠲᠠᠯ ᠤᠨ ᠶᠠᠮᠤᠨ ᠤ ᠲᠠᠷᠤᠭ᠎ᠠ ᠪᠡᠷ ᠠᠵᠢᠯᠯᠠᠭᠰᠠᠨ ᠬᠠᠮᠤᠭ ᠤᠨ ᠠᠩᠬᠠᠨ ᠤ ᠮᠠᠯᠠᠢ ᠦᠨᠳᠦᠰᠦᠲᠡᠨ ᠤ ᠡᠮᠡᠭᠲᠡᠢ ᠪᠤᠯᠪᠠ᠃ 2012 ᠤᠨ ᠳ᠋ᠤ ᠲᠤᠲᠤᠭᠠᠲᠤ ᠶᠠᠪᠤᠲᠠᠯ ᠤᠨ ᠶᠠᠮᠤᠨ ᠳ᠋ᠤ ᠠᠵᠢᠯᠯᠠᠪᠠ᠂ 2013 ᠤᠨ ᠳ᠋ᠤ ᠰᠢᠩᠭ᠋ᠠᠫᠤᠷ ᠤᠨ ᠤᠯᠤᠰ ᠤᠨ ᠬᠤᠷᠠᠯ ᠤᠨ ᠲᠠᠷᠤᠭ᠎ᠠ ᠪᠡᠷ ᠠᠵᠢᠯᠯᠠᠬᠰᠠᠨ  ᠨᠢ ᠰᠢᠩᠭ᠋ᠠᠫᠤᠷ ᠤᠨ ᠲᠡᠦᠬᠡᠨ ᠲᠡᠭᠡᠷᠡᠬᠢ ᠬᠠᠮᠤᠭ ᠤᠨ ᠠᠩᠬᠠᠨ ᠤ ᠡᠮᠡᠭᠲᠡᠢ ᠤᠯᠤᠰ ᠤᠨ ᠬᠤᠷᠠᠯ ᠤᠨ ᠲᠠᠷᠤᠭ᠎ᠠ ᠪᠤᠯᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120791121662933