蒙古文网站Logo
ᠰᠢᠨᠬᠤᠸᠠ ᠮᠤᠩᠭ᠋ᠤᠯ ᠨᠧᠲ

ᠠᠩᠭ᠍ᠯᠢ ᠶᠢᠨ ᠪᠠᠶᠢᠴᠠᠭᠠᠯᠲᠠ᠄ ᠶᠠᠫᠤᠨ ᠤ ᠲᠤᠤᠺᠢᠤ᠋ ᠬᠠᠮᠤᠭ ᠤᠨ ᠬᠢᠮᠲᠠᠬᠠᠨ ᠬᠤᠯᠠ ᠵᠠᠮ ᠤᠨ ᠵᠢᠭᠤᠯᠴᠢᠯᠠᠯ ᠤᠨ ᠭᠠᠵᠠᠷ ᠢᠶᠡᠷ ᠰᠤᠩᠭ᠋ᠤᠭᠲᠠᠪᠠ

2017-09-19 17:09

    ᠠᠩᠭ᠍ᠯᠢ ᠶᠢᠨ ᠰᠢᠤᠲᠠᠨ ᠲᠤᠪᠴᠢᠶᠠᠨ ᠤ ᠪᠠᠶᠢᠴᠠᠭᠠᠯᠲᠠ ᠳ᠋ᠤ ᠢᠯᠡᠷᠡᠬᠦᠯᠦᠭᠰᠡᠨ ᠢᠶᠡᠷ᠂ ᠶᠠᠫᠤᠨ ᠤ ᠲᠤᠤᠺᠢᠤ᠋ ᠠᠩᠭ᠍ᠯᠢᠴᠤᠳ ᠤᠨ ᠬᠠᠮᠤᠭ ᠤᠨ ᠬᠢᠮᠲᠠᠬᠠᠨ ᠬᠤᠯᠠ ᠵᠠᠮ ᠤᠨ ᠵᠢᠭᠤᠯᠴᠢᠯᠠᠯ ᠤᠨ ᠭᠠᠵᠠᠷ ᠂ ᠪᠷᠠᠽᠢᠯ ᠤᠨ ᠷᠢᠦ᠋ ᠳ᠋ᠢ ᠿᠸᠨᠧᠶᠢᠷᠦ᠋ ᠬᠠᠮᠤᠭ ᠡᠴᠡ ᠦᠨᠡᠲᠡᠢ ᠭᠠᠵᠠᠷ ᠢᠶᠡᠷ ᠰᠤᠩᠭ᠋ᠤᠭᠲᠠᠪᠠ᠃

    ᠠᠩᠭ᠍ᠯᠢ ᠶᠢᠨ《 ᠡᠲᠦᠷ ᠪᠦᠷᠢ ᠶᠢᠨ ᠰᠢᠤᠲᠠᠨ ᠰᠤᠨᠢᠨ》  ᠳ᠋ᠤ ᠮᠡᠲᠡᠭᠡᠯᠡᠭᠰᠡᠨ ᠢᠶᠡᠷ᠂ ᠠᠶᠠᠯᠠᠯ ᠵᠢᠭᠤᠯᠴᠢᠯᠠᠯ ᠤᠨ 30 ᠭᠠᠵᠠᠷ ᠤᠨ ᠲᠤᠮᠲᠠ ᠡᠴᠡ ᠲᠤᠤᠺᠢᠤ᠋ 48.9 ᠹᠦᠨᠲ᠋ ( ᠠᠷᠠᠳ ᠤᠨ ᠵᠤᠭᠤᠰ ᠢᠶᠡᠷ 435.1 ᠲᠦᠭᠦᠷᠢᠭ᠌ )  ᠢᠶᠡᠷ ᠲᠡᠷᠢᠬᠦᠨ ᠳ᠋ᠤ ᠰᠤᠩᠭ᠋ᠤᠭᠲᠠᠪᠠ᠃ ᠡᠨᠡ ᠨᠢ ᠲᠤᠰ ᠪᠠᠶᠢᠴᠠᠭᠠᠯᠲᠠ ᠶᠢ ᠡᠬᠢᠯᠡᠬᠦᠯᠦᠭᠰᠡᠨ ᠡᠴᠡ ᠨᠠᠰᠢᠬᠢ 10 ᠵᠢᠯ ᠤᠨ ᠲᠤᠷᠰᠢ ᠲᠤᠤᠺᠢᠤ᠋ ᠠᠩᠬ᠎ᠠ ᠤᠲᠠᠭ᠎ᠠ ᠲᠡᠷᠢᠬᠦᠨ ᠢᠶᠡᠷ ᠰᠤᠩᠭ᠋ᠤᠭᠲᠠᠵᠤ ᠪᠠᠶᠢᠭ᠎ᠠ ᠶᠤᠮ᠃ ᠰᠤᠩᠭ᠋ᠤᠯᠲᠠ ᠶᠢᠨ 10 ᠪᠠᠷᠢᠮᠵᠢᠶᠠᠨ ᠳ᠋ᠤ ᠨᠢᠭᠡ ᠴᠤᠮᠤ ᠺᠤᠹᠧ᠂ ᠨᠢᠭᠡ ᠯᠤᠩᠬᠤ ᠤᠮᠲᠠᠭᠠᠨ᠂ ᠨᠢᠭᠡ ᠯᠤᠩᠬᠤ ᠺᠡᠦᠯᠠ᠂ ᠨᠢᠭᠡ ᠴᠤᠮᠤ ᠦᠵᠦᠮ ᠤᠨ ᠠᠷᠢᠬᠢ᠂ ᠨᠢᠭᠡ ᠴᠤᠮᠤ ᠬᠤᠯᠢᠮᠠᠭ ᠠᠷᠢᠬᠢ᠂ ᠨᠢᠬᠡ ᠬᠡᠰᠡᠭ ᠴᠤᠺᠤᠯᠠᠳ᠋᠂ ᠨᠢᠭᠡ ᠯᠤᠩᠬᠤ ᠤᠰᠤ᠂ ᠨᠠᠷᠠᠰᠢᠬᠤ ᠡᠴᠡ ᠰᠡᠷᠭᠡᠶᠢᠯᠡᠬᠦ ᠨᠤᠨᠲᠠᠭ᠂ ᠰᠢᠮᠠᠭᠤᠯ ᠡᠴᠡ ᠰᠡᠷᠭᠡᠶᠢᠯᠡᠬᠦ ᠤᠰᠤ ᠪᠠ ᠬᠤᠶᠠᠷ ᠬᠦᠮᠦᠨ ᠤ ᠬᠤᠭᠤᠯᠠ ᠪᠤᠯᠤᠨ᠎ᠠ᠃ ᠡᠲᠡᠭᠡᠷ ᠪᠠᠷᠢᠮᠵᠢᠶ᠎ᠠ ᠨᠤᠭᠤᠳ ᠤᠨ ᠦᠨ᠎ᠡ ᠨᠢ ᠨᠢᠲᠤᠨᠤᠨ ᠤ ᠬᠢ ᠡᠴᠡ 23ᠪᠡᠷ ᠪᠠᠭᠤᠷᠠᠵᠤ᠂ 2012 ᠤᠨ ᠤ ᠬᠢ ᠲᠠᠢ ᠬᠠᠷᠢᠴᠠᠭᠤᠯᠪᠠᠯ ᠬᠠᠷᠢᠴᠠᠩᠭ᠋ᠤᠢ ᠪᠡᠷ 60ᠪᠡᠷ ᠪᠠᠭᠤᠷᠠᠪᠠ᠃

    ᠪᠠᠶᠢᠴᠠᠭᠠᠯᠲᠠ ᠶᠢᠨ ᠡᠮᠦᠨ᠎ᠡ ᠠᠷᠪᠠᠨ ᠨᠡᠷᠡᠰ ᠲᠤ ᠲᠤᠤᠺᠢᠤ᠋ ᠶᠢᠨ ᠲᠠᠷᠠᠭ᠎ᠠ ᠡᠮᠦᠨᠡᠲᠦ ᠠᠹᠷᠢᠺᠠ ᠶᠢᠨ ᠺᠧᠶᠢᠫᠲ᠋ᠠᠦ᠋ᠨ᠂ ᠺᠧᠨᠢᠶᠠ ᠶᠢᠨ ᠮᠤᠮᠪᠠᠰᠠ᠂ ᠰᠷᠢ ᠯᠠᠨᠺᠠ ᠶᠢᠨ ᠺᠤᠯᠤᠮᠪᠤ᠂ ᠸᠢᠶᠧᠲ᠋ᠠᠨᠠᠮ ᠤᠨ ᠬᠠᠨᠤᠢ᠂ ᠢᠨᠳᠦᠨᠧᠰᠢᠶ᠎ᠠ ᠶᠢᠨ ᠶᠠᠪᠠᠯᠢ᠂ ᠺᠤᠰᠲ᠋ᠠ ᠷᠢᠺᠠ ᠶᠢᠨ ᠭᠠᠲ᠋ᠠᠮᠠᠷᠢᠨᠳ᠋ᠤ᠋᠂ ᠠᠮᠧᠷᠢᠺᠠ ᠶᠢᠨ ᠤᠷᠯᠠᠨᠳ᠋ᠤ᠋᠂ ᠮᠠᠯᠠᠶᠢᠰᠢᠶ᠎ᠠ ᠶᠢᠨ ᠫᠢᠨᠠᠩ ᠠᠷᠠᠯ᠂ ᠳ᠋ᠤᠮᠢᠨᠢᠺᠠ ᠶᠢᠨ ᠫᠤᠩᠲ᠋ᠠᠺᠠᠨᠠ ᠰᠤᠩᠭ᠋ᠤᠭᠲᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120791121690052