蒙古文网站Logo
ᠰᠢᠨᠬᠤᠸᠠ ᠮᠤᠩᠭ᠋ᠤᠯ ᠨᠧᠲ

ᠲᠤᠮᠲᠠᠲᠤ ᠤᠯᠤᠰ ᠡᠴᠡ ᠮᠤᠩᠭᠤᠯ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤᠨ ᠤᠯᠤᠰ ᠪᠠᠶᠢᠭᠤᠯᠤᠭᠲᠠᠭᠰᠠᠨ 68 ᠵᠢᠯ ᠤᠨ ᠤᠢ ᠶᠢᠨ ᠲᠠᠶᠢᠯᠠᠯᠭ᠎ᠠ ᠪᠠᠵᠠᠭᠠᠪᠠ

2017-09-22 18:51

    ᠰᠢᠨᠬᠤᠧᠠ ᠨᠧᠲ   ᠤᠯᠠᠭᠠᠨᠪᠠᠭᠠᠲᠤᠷ ᠤᠨ 9 ᠰᠠᠷ᠎ᠠ ᠶᠢᠨ 22 ᠤᠨ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠠᠰᠬᠠᠨ ) ᠲᠤᠮᠲᠠᠲᠤ ᠤᠯᠤᠰ ᠡᠴᠡ ᠮᠤᠩᠭᠤᠯ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤᠨ 21 ᠤ ᠡᠲᠦᠷ ᠲᠠᠶᠢᠯᠠᠯᠭ᠎ᠠ ᠪᠠᠵᠠᠭᠠᠵᠤ᠂ ᠪᠦᠬᠦᠲᠠ ᠨᠠᠶᠢᠷᠠᠮᠲᠠᠬᠤ ᠲᠤᠮᠲᠠᠲᠤ ᠠᠷᠠᠳ ᠤᠯᠤᠰ ᠪᠠᠶᠢᠭᠤᠯᠤᠭᠲᠠᠭᠰᠠᠨ 68 ᠵᠢᠯ ᠤᠨ ᠤᠢ ᠤᠨ ᠪᠡᠶᠡᠷ ᠢ ᠶᠤᠰᠤᠯᠠᠯ ᠲᠡᠭᠦᠯᠲᠡᠷ ᠤᠭᠲᠤᠪᠠ᠃ ᠮᠤᠩᠭᠤᠯ ᠤᠯᠤᠰ ᠤᠨ ᠤᠯᠤᠰ ᠤᠨ ᠶᠡᠬᠡ ᠬᠤᠷᠠᠯ ᠤᠨ ᠲᠡᠳ᠋ ᠲᠠᠷᠤᠭ᠎ᠠ ᠰᠠᠩᠵᠢᠮᠢᠳᠤᠪ᠂ ᠮᠤᠩᠭᠤᠯ ᠤᠯᠤᠰ ᠤᠨ ᠲᠦᠷᠦ ᠵᠠᠰᠠᠭ ᠤᠨ ᠠᠯᠪᠠᠨ ᠲᠤᠰᠢᠶᠠᠯᠲᠠᠳ᠂ ᠲᠡᠯᠡᠬᠡᠢ ᠶᠢᠨ ᠤᠯᠤᠰ ᠤᠷᠤᠨ ᠡᠴᠡ ᠮᠤᠩᠭᠤᠯ ᠤᠯᠤᠰ ᠲᠤ ᠰᠠᠭᠤᠭ᠎ᠠ ᠳ᠋ᠢᠫᠯᠤᠮᠠᠲ ᠲᠦᠯᠦᠭᠡᠯᠡᠭᠴᠢ ᠵᠢᠴᠢ ᠲᠤᠮᠲᠠᠲᠤ ᠶᠢᠨ ᠬᠠᠷᠢᠶᠠᠲᠤ᠂ ᠮᠤᠩᠭᠤᠯ ᠤᠯᠤᠰ ᠲᠡᠬᠢ ᠲᠤᠮᠲᠠᠲᠤ ᠤᠯᠤᠰ ᠤᠨ ᠬᠦᠷᠦᠩᠭᠡ ᠤᠷᠤᠭᠤᠯᠤᠯᠲᠠ ᠲᠠᠢ ᠠᠵᠤ ᠠᠬᠤᠢ ᠨᠢᠭᠡᠴᠡ ᠶᠢᠨ ᠲᠦᠯᠦᠭᠡᠯᠡᠯ ᠵᠡᠷᠭᠡ 400 ᠤᠷᠴᠢᠮ ᠤᠨ ᠲᠦᠯᠦᠭᠡᠯᠡᠯ ᠤᠷᠤᠯᠴᠠᠵᠠᠢ᠃

    ᠲᠤᠮᠲᠠᠲᠤ ᠤᠯᠤᠰ ᠡᠴᠡ ᠮᠤᠩᠭᠤᠯ ᠤᠯᠤᠰ ᠲᠤ ᠰᠠᠭᠤᠭ᠎ᠠ ᠡᠯᠴᠢᠨ ᠰᠢᠩ ᠬᠠᠢ ᠮᠢᠩ ᠶᠤᠰᠤᠯᠠᠯ ᠤᠨ ᠦᠶ᠎ᠠ ᠪᠡᠷ ᠦᠭᠡ ᠬᠡᠯᠡᠬᠦ ᠳ᠋ᠡᠭᠡᠨ᠂ 68 ᠵᠢᠯ ᠤᠨ ᠲᠤᠷᠰᠢ ᠲᠤᠮᠲᠠᠲᠤ ᠤᠯᠤᠰ ᠤᠨ ᠠᠷᠠᠳ ᠲᠦᠮᠡᠨ ᠲᠤᠮᠲᠠᠲᠤ ᠤᠯᠤᠰ ᠤᠨ ᠡᠪ ᠬᠠᠮᠲᠤ ᠨᠠᠮ ᠤᠨ ᠤᠲᠤᠷᠢᠲᠤᠯᠭ᠎ᠠ ᠲᠤᠤᠷ᠎ᠠ ᠴᠢᠷᠮᠠᠶᠢᠨ ᠲᠡᠮᠡᠴᠡᠵᠦ ᠤᠯᠤᠰ ᠤᠷᠤᠨ ᠤ ᠪᠠᠨ ᠤᠯᠠᠨ ᠰᠠᠯᠪᠤᠷᠢ ᠶᠢᠨ ᠠᠵᠢᠯ ᠦᠢᠯᠡᠰ ᠲᠦ ᠲᠡᠯᠡᠬᠡᠢ ᠨᠡᠶᠢᠲᠡ ᠶᠢᠨ ᠠᠩᠬᠠᠷᠤᠯ ᠳ᠋ᠤ ᠬᠦᠷᠦᠭᠰᠡᠨ ᠠᠮᠵᠢᠯᠲᠠ ᠪᠦᠲᠦᠮᠵᠢ ᠤᠯᠪᠠ᠃ 2016 ᠤᠨ ᠳ᠋ᠤ ᠤᠯᠤᠰ ᠤᠨ ᠲᠤᠲᠤᠭᠠᠲᠤ ᠶᠢᠨ ᠦᠢᠯᠡᠳᠪᠦᠷᠢᠯᠡᠯ ᠤᠨ ᠶᠡᠷᠦᠩᠬᠡᠢ ᠦᠷᠲᠡᠭ 11 ᠲᠦᠮᠡᠨ ᠳ᠋ᠦᠩᠰᠢᠭᠤᠷ ᠳ᠋ᠤᠯᠯᠠᠷ ᠢ ᠲᠠᠪᠠᠵᠤ᠂ ᠦᠩᠭᠡᠷᠡᠭᠰᠡᠨ ᠤᠨ ᠤ ᠬᠢ ᠡᠴᠡ 6.7% ᠪᠡᠷ ᠨᠡᠮᠡᠭᠲᠡᠨ᠂ ᠲᠡᠯᠡᠬᠡᠢ ᠶᠢᠨ ᠡᠳ᠋ ᠤᠨ ᠵᠠᠰᠠᠭ ᠤᠨ ᠨᠡᠶᠢᠲᠡ ᠬᠡᠮᠵᠢᠶᠠᠨ ᠤ 15% ᠶᠢ ᠡᠵᠡᠯᠡᠨ ᠲᠡᠯᠡᠬᠡᠢ ᠶᠢᠨ ᠡᠳ᠋ ᠤᠨ ᠵᠠᠰᠠᠭ ᠤᠨ ᠬᠤᠶᠡᠳᠡᠬᠢ ᠲᠤᠮᠤ ᠴᠤᠭᠴᠠ ᠶᠢᠨ ᠪᠠᠶᠢᠷᠢ ᠪᠠᠨ ᠬᠡᠪ ᠢᠶᠡᠷ ᠬᠠᠲᠠᠭᠠᠯᠠᠭᠰᠠᠨ ᠶᠤᠮ᠃ ᠲᠤᠮᠲᠠᠲᠤ ᠤᠯᠤᠰ ᠲᠡᠯᠡᠬᠡᠢ ᠶᠢᠨ ᠡᠳ᠋ ᠤᠨ ᠵᠠᠰᠠᠭ ᠤᠨ ᠦᠰᠦᠯᠲᠡ ᠳ᠋ᠤ ᠤᠷᠤᠭᠤᠯᠤᠭᠰᠠᠨ ᠬᠤᠪᠢ ᠨᠡᠮᠡᠷᠢ 30% ᠤᠷᠴᠢᠮ ᠬᠦᠷᠴᠦ᠂ ᠪᠦᠬᠦ ᠲᠡᠯᠡᠭᠡᠢ ᠶᠢᠨ ᠡᠳ᠋ ᠤᠨ ᠵᠠᠰᠠᠭ ᠤᠨ ᠦᠰᠦᠯᠲᠡ ᠶᠢᠨ《ᠲᠤᠭᠲᠠᠪᠤᠷᠢᠵᠢᠭᠤᠯᠤᠭᠴᠢ》ᠬᠦᠴᠦᠨ ᠬᠡᠪ ᠢᠶᠡᠷ ᠪᠠᠶᠢᠨ᠎ᠠ᠃ 2017 ᠤᠨ ᠳ᠋ᠤ ᠲᠤᠮᠲᠠᠲᠤ ᠤᠯᠤᠰ ᠤᠨ ᠡᠳ᠋ ᠤᠨ ᠵᠠᠰᠠᠭ ᠲᠤᠭᠲᠠᠪᠤᠷᠢᠲᠠᠢ ᠠᠬᠢᠵᠤ᠂ ᠡᠬᠢᠨ ᠤ ᠬᠠᠭᠠᠰ ᠵᠢᠯ ᠤᠨ ᠦᠰᠦᠯᠲᠡ 6.9% ᠪᠤᠯᠵᠤ᠂ 《ᠨᠢᠭᠡ ᠪᠦᠰᠡ ᠨᠢᠭᠡ ᠵᠠᠮ》ᠤᠯᠠᠨ ᠤᠯᠤᠰ ᠤᠨ ᠬᠠᠮᠲᠤᠷᠠᠯᠴᠠᠭᠠᠨ ᠤ ᠲᠡᠭᠡᠳᠦ ᠲᠦᠪᠰᠢᠨ ᠤ ᠹᠤᠷᠦ᠋ᠮ᠂ ᠪᠷᠢᠺᠰ ᠤᠨ ᠤᠯᠤᠰ ᠤᠳ ᠤᠨ ᠤᠲᠤᠷᠢᠲᠤᠭᠴᠢᠳ ᠤᠨ ᠠᠭᠤᠯᠵᠠᠯᠲᠠ ᠲᠤᠮᠲᠠᠲᠤ ᠤᠯᠤᠰ ᠲᠤ ᠤᠲᠠᠭ᠎ᠠ ᠲᠠᠷᠠᠭᠠᠯᠠᠨ ᠵᠤᠬᠢᠶᠠᠨ ᠪᠠᠶᠢᠭᠤᠯᠤᠭᠲᠠᠪᠠ᠃

    ᠰᠢᠩ ᠬᠠᠢ ᠮᠢᠩ ᠲᠡᠮᠲᠡᠭᠯᠡᠬᠦ ᠳ᠋ᠡᠭᠡᠨ᠂ ᠲᠤᠮᠲᠠᠲᠤ ᠮᠤᠩᠭᠤᠯ ᠬᠤᠶᠠᠷ ᠤᠷᠤᠨ ᠪᠤᠯ ᠬᠠᠶᠠᠭ᠎ᠠ ᠨᠡᠶᠢᠯᠡᠭᠰᠡᠨ ᠰᠠᠶᠢᠨ ᠬᠦᠷᠰᠢ᠂ ᠰᠠᠶᠢᠨ ᠠᠨᠳᠠ᠂ ᠰᠠᠶᠢᠨ ᠲᠦᠩᠰᠢ ᠪᠦᠭᠡᠳ ᠬᠤᠶᠠᠷ ᠤᠷᠤᠨ ᠢᠵᠢ ᠪᠦᠷᠢᠨ ᠰᠲ᠋ᠷᠠᠲ᠋ᠧᠬᠢ ᠶᠢᠨ ᠲᠦᠩᠰᠢᠯᠡᠯ ᠤᠨ ᠬᠠᠷᠢᠯᠴᠠᠭ᠎ᠠ ᠲᠤᠭᠲᠠᠭᠠᠭᠠᠳ ᠪᠠᠶᠢᠨ᠎ᠠ᠃ ᠲᠤᠮᠲᠠᠲᠤ ᠤᠯᠤᠰ ᠤᠯᠠᠨ ᠵᠢᠯ ᠲᠠᠷᠠᠭᠠᠯᠠᠨ ᠮᠤᠩᠭᠤᠯ ᠤᠯᠤᠰ ᠤᠨ ᠬᠤᠲᠠᠯᠲᠤᠭᠠᠨ ᠤ ᠬᠠᠮᠤᠭ ᠤᠨ ᠲᠤᠮᠤ ᠲᠦᠩᠰᠢ ᠶᠢᠨ ᠪᠠᠶᠢᠷᠢ ᠰᠠᠭᠤᠷᠢ ᠪᠠᠨ ᠬᠠᠲᠠᠭᠠᠯᠠᠭᠰᠠᠭᠠᠷ ᠢᠷᠡᠭᠰᠡᠨ ᠶᠤᠮ᠃ ᠲᠤᠮᠲᠠᠲᠤ ᠤᠯᠤᠰ ᠤᠨ ᠲᠠᠯ᠎ᠠ ᠡᠴᠡ ᠦᠵᠡᠬᠦᠯᠦᠭᠰᠡᠨ ᠪᠤᠴᠠᠯᠲᠠ ᠦᠭᠡᠢ ᠲᠤᠰᠠᠯᠠᠮᠵᠢ᠂ ᠵᠢᠭᠡᠯᠡᠯᠭᠡ ᠨᠢ ᠮᠤᠩᠭᠤᠯ ᠤᠯᠤᠰ ᠤᠨ ᠡᠳ᠋ ᠤᠨ ᠵᠠᠰᠠᠭ᠂ ᠨᠡᠶᠢᠭᠡᠮ ᠤᠨ ᠬᠦᠭ᠍ᠵᠢᠯᠲᠠ ᠳ᠋ᠤ ᠴᠢᠬᠤᠯᠠ ᠡᠭᠦᠷᠭᠡ ᠭᠦᠢᠴᠡᠳᠭᠡᠭᠰᠡᠨ ᠶᠤᠮ᠃ ᠬᠤᠶᠠᠷ ᠤᠷᠤᠨ ᠵᠠᠯᠠᠭᠤᠰ᠂ ᠤᠷᠤᠨ ᠨᠤᠲᠤᠭ᠂ ᠬᠦᠮᠦᠨᠯᠢᠭ ᠵᠡᠷᠭᠡ ᠤᠯᠠᠨ ᠰᠠᠯᠪᠤᠷᠢ ᠳ᠋ᠤ ᠮᠠᠰᠢ ᠨᠢᠬᠲᠠ ᠬᠡᠯᠬᠢᠶ᠎ᠠ ᠬᠤᠯᠪᠤᠭ᠎ᠠ ᠲᠠᠢ ᠠᠵᠢᠯᠯᠠᠵᠤ ᠂ ᠬᠤᠶᠠᠷ ᠤᠷᠤᠨ ᠤ ᠠᠷᠠᠳ ᠲᠦᠮᠡᠨ ᠤ ᠨᠠᠶᠢᠷᠰᠠᠭ ᠰᠡᠳᠬᠢᠯ ᠢ ᠤᠯᠠᠮ ᠠᠬᠢᠭᠤᠯᠵᠤ ᠪᠠᠶᠢᠨ᠎ᠠ ᠭᠡᠯ᠎ᠡ᠃

    ᠮᠤᠩᠭᠤᠯ ᠤᠯᠤᠰ ᠤᠨ ᠤᠯᠤᠰ ᠤᠨ ᠶᠡᠬᠡ ᠬᠤᠷᠠᠯ ᠤᠨ ᠲᠡᠳ᠋ ᠲᠠᠷᠤᠭ᠎ᠠ ᠰᠠᠩᠵᠢᠮᠢᠲᠤᠪ ᠲᠠᠶᠢᠯᠠᠯᠭ᠎ᠠ ᠳ᠋ᠤ ᠬᠡᠯᠡᠭᠰᠡᠨ ᠦᠭᠡᠨ ᠳ᠋ᠡᠭᠡᠨ᠂ ᠮᠤᠩᠭᠤᠯ ᠤᠯᠤᠰ ᠤᠨ ᠤᠯᠤᠰ ᠤᠨ ᠶᠡᠬᠡ ᠬᠤᠷᠠᠯ ᠪᠠ ᠮᠤᠩᠭᠤᠯ ᠤᠯᠤᠰ ᠤᠨ ᠠᠷᠠᠳ ᠲᠦᠮᠡᠨ ᠤ ᠨᠡᠷ᠎᠎ᠡ ᠶᠢᠨ ᠡᠮᠦᠨ᠎ᠡ ᠡᠴᠡ ᠪᠦᠭᠦᠲᠠ ᠨᠠᠶᠢᠷᠠᠮᠲᠠᠬᠤ ᠲᠤᠮᠲᠠᠲᠤ ᠠᠷᠠᠳ ᠤᠯᠤᠰ ᠪᠠᠶᠢᠭᠤᠯᠤᠭᠲᠠᠭᠰᠠᠨ 68 ᠵᠢᠯ ᠤᠨ ᠤᠢ ᠶᠢᠨ ᠲᠠᠰᠢᠷᠠᠮ ᠳ᠋ᠤ ᠬᠠᠯᠠᠭᠤᠨ ᠪᠠᠶᠠᠷ ᠬᠦᠷᠭᠡᠵᠦ ᠪᠠᠶᠢᠭ᠎ᠠ ᠪᠠᠨ ᠤᠨᠴᠠᠯᠠᠨ ᠲᠡᠮᠲᠡᠭᠯᠡᠪᠡ᠃ ᠲᠡᠷᠡᠪᠡᠷ᠂ ᠮᠤᠩᠭᠤᠯ ᠲᠤᠮᠲᠠᠲᠤ ᠶᠢᠨ ᠬᠠᠷᠢᠯᠴᠠᠭ᠎ᠠ ᠤᠯᠤᠰ ᠲᠦᠷᠦ᠂ ᠡᠳ᠋ ᠤᠨ ᠵᠠᠰᠠᠭ᠂ ᠤᠯᠤᠰ ᠤᠨ ᠪᠠᠲᠤᠯᠠᠨ ᠬᠠᠮᠠᠭᠠᠯᠠᠯᠲᠠ᠂ ᠰᠤᠶᠤᠯ᠂ ᠰᠢᠨᠵᠢᠯᠡᠬᠦ ᠤᠬᠠᠭᠠᠨ ᠲᠧᠭ᠍ᠨᠤᠯᠤᠬᠢ᠂ ᠪᠠᠶ᠎ᠠ ᠶᠢᠨ ᠲᠠᠮᠢᠷ ᠵᠡᠷᠭᠡ ᠰᠠᠯᠪᠤᠷᠢ ᠳ᠋ᠤ ᠭᠦᠨᠴᠡ ᠲᠠᠢ ᠴᠡᠴᠡᠭᠯᠡᠨ ᠬᠦᠭ᠍ᠵᠢᠵᠦ ᠪᠠᠶᠢᠨ᠎ᠠ ᠭᠡᠵᠡᠢ᠃

    ᠰᠠᠩᠵᠢᠮᠢᠲᠤᠪ ᠬᠡᠯᠡᠬᠦ ᠳ᠋ᠡᠭᠡᠨ᠂ ᠡᠨᠡ ᠰᠠᠷ᠎ᠠ ᠶᠢᠨ 26 ᠤ ᠡᠲᠦᠷ ᠡᠴᠡ 30 ᠤ ᠡᠲᠦᠷ ᠲᠤᠮᠲᠠᠲᠤ ᠤᠯᠤᠰ ᠤᠨ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠦᠪ ᠬᠦᠬᠡᠬᠤᠲᠠ ᠳ᠋ᠤ ᠪᠤᠯᠬᠤ ᠮᠤᠩᠭᠤᠯ - ᠲᠤᠮᠲᠠᠲᠤ ᠶᠢᠨ ᠬᠤᠶᠠᠲᠤᠭᠠᠷ ᠤᠲᠠᠭᠠᠨ ᠤ ᠦᠵᠡᠰᠬᠦᠯᠡᠩ ᠳ᠋ᠤ ᠮᠢᠨᠦ ᠪᠠᠶ᠎ᠠ ᠲᠦᠯᠦᠭᠡᠯᠡᠭᠴᠢ ᠳ᠋ᠡᠭᠡᠨ ᠠᠬᠠᠯᠠᠨ ᠤᠷᠤᠯᠴᠠᠨ᠎ᠠ᠃ ᠡᠨᠡ ᠠᠷᠭ᠎᠎ᠡ ᠬᠡᠮᠵᠢᠶᠠᠨ ᠤ ᠦᠶ᠎ᠠ ᠪᠡᠷ ᠬᠤᠲᠠᠯᠲᠤᠭ᠎ᠠ᠂ ᠡᠳ᠋ ᠤᠨ ᠵᠠᠰᠠᠭ ᠤᠨ ᠬᠠᠮᠲᠤ ᠶᠢᠨ ᠠᠵᠢᠯᠯᠠᠭᠠᠨ ᠤ ᠰᠢᠨ᠎ᠡ ᠪᠤᠯᠤᠮᠵᠢ ᠨᠤᠭᠤᠳ ᠭᠠᠷᠤᠨ᠎ᠡ ᠭᠡᠲᠡᠭ ᠲᠤ ᠢᠲᠡᠭᠡᠯ ᠲᠠᠢ ᠪᠠᠶᠢᠨ᠎ᠠ ᠭᠡᠵᠡᠢ᠃ ᠰᠠᠩᠵᠢᠮᠢᠲᠤᠪ ᠲᠤᠮᠲᠠᠲᠤ ᠤᠯᠤᠰ ᠤᠨ ᠲᠠᠯ᠎ᠠ ᠡᠴᠡ ᠮᠤᠩᠭᠤᠯ ᠤᠯᠤᠰ ᠤᠨ ᠨᠡᠶᠢᠭᠡᠮ᠂ ᠡᠳ᠋ ᠤᠨ ᠵᠠᠰᠠᠭ ᠤᠨ ᠬᠦᠭ᠍ᠵᠢᠯ ᠢ ᠲᠡᠮᠵᠢᠬᠦ ᠬᠦᠩᠭᠡᠯᠡᠯᠲᠡ ᠲᠠᠢ ᠵᠢᠭᠡᠯᠡᠯᠭᠡ᠂ ᠪᠤᠴᠠᠯᠲᠠ ᠦᠭᠡᠢ ᠲᠤᠰᠠᠯᠠᠮᠵᠢ ᠤᠯᠭᠤᠵᠤ ᠢᠷᠡᠭᠰᠡᠨ ᠳ᠋ᠤ ᠲᠠᠯᠠᠷᠬᠠᠯ ᠢᠯᠡᠷᠬᠡᠶᠢᠯᠡᠵᠦ ᠪᠠᠶᠢᠨ᠎ᠠ ᠭᠡᠵᠡᠢ᠃

    ᠲᠠᠶᠢᠯᠠᠯᠭ᠎ᠠ ᠶᠢᠨ ᠦᠶ᠎ᠠ ᠪᠡᠷ᠂ ᠲᠤᠮᠲᠠᠲᠤ ᠤᠯᠤᠰ ᠤᠨ ᠭᠦᠢᠵᠧᠦ ᠮᠤᠵᠢ ᠶᠢᠨ ᠲᠠᠭᠤᠤ ᠪᠦᠵᠢᠭ ᠤᠨ ᠬᠦᠷᠢᠶᠡᠯᠡᠩ ᠤᠨ ᠲᠤᠭᠯᠠᠭᠴᠢᠳ ᠡᠴᠡ ᠤᠷᠠᠨ ᠰᠠᠶᠢᠬᠠᠨ ᠤ ᠲᠤᠭᠯᠠᠯᠲᠠ ᠭᠠᠷᠭᠠᠪᠠ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120791121710081