ᠠᠮᠧᠷᠢᠺᠠ ᠶᠢᠨ ᠯᠠᠰ ᠸᠢᠭᠠᠰ ᠲᠤ ᠫᠤᠤᠳᠠᠯᠭ᠎ᠠ ᠶᠢᠨ ᠬᠡᠷᠡᠭ ᠭᠠᠷᠴᠤ ᠤᠯᠠᠨ ᠬᠦᠮᠦᠨ ᠡᠨᠳᠡᠵᠤ ᠰᠢᠷᠬᠠᠳᠤᠵᠠᠢ 2017-10-03 11:14

    ᠰᠢᠨᠬᠤᠧᠠ ᠬᠤᠷᠢᠶ᠎ᠠ   ᠠᠮᠧᠷᠢᠺᠠ ᠶᠢᠨ  ᠯᠠᠰ ᠸᠢᠭᠠᠰ ᠤᠨ 10 ᠰᠠᠷ᠎ᠠ ᠶᠢᠨ 2 ᠤᠨ ᠡᠳᠦᠷ ᠤᠨ ᠴᠠᠬᠢᠯᠭᠠᠨ ᠮᠡᠳᠡᠭᠡ   ᠠᠮᠧᠷᠢᠺᠠ ᠶᠢᠨ ᠪᠠᠷᠠᠭᠤᠨ ᠬᠡᠰᠡᠭ ᠤᠨ ᠬᠤᠳᠠ ᠪᠤᠯᠬᠤ ᠯᠠᠰ ᠸᠢᠭᠠᠰ ᠤᠨ ᠴᠠᠭᠳᠠᠭᠠᠨ ᠤ ᠳᠠᠯ᠎ᠠ ᠶᠢᠨ ᠬᠢᠨ 2 ᠤᠨ ᠡᠳᠦᠷ ᠢᠯᠡᠷᠬᠡᠶᠢᠯᠡᠯᠳᠡ ᠨᠡᠶᠢᠳᠡᠯᠡᠵᠤ᠂ ᠳᠤᠬᠠᠢ ᠶᠢᠨ ᠤᠷᠤᠨ ᠤ ᠴᠠᠭ ᠢᠶᠡᠷ 1 ᠤ ᠰᠦᠨᠢ ᠳᠤᠰ ᠬᠤᠳᠠ ᠳᠤ ᠫᠤᠤᠳᠠᠯᠭ᠎ᠠ ᠶᠢᠨ ᠬᠡᠷᠡᠭ ᠭᠠᠷᠴᠤ᠂ ᠤᠳᠤ ᠪᠡᠷ ᠨᠢᠬᠡᠨᠳᠡ 59 ᠬᠦᠮᠦᠨ ᠡᠨᠳᠡᠨ 527 ᠬᠦᠮᠦᠨ ᠰᠢᠷᠬᠠᠳᠤᠭᠰᠠᠨ ᠬᠡᠵᠡᠢ᠃

    ᠳᠤᠮᠳᠠᠳᠤ ᠤᠯᠤᠰ ᠡᠴᠡ ᠰᠠᠨ ᠹᠷᠠᠨᠰᠢᠰᠺᠦ ᠳᠤ ᠰᠠᠭᠤᠭ᠎ᠠ ᠶᠡᠷᠦᠩᠬᠡᠢ ᠺᠤᠨᠰᠦ᠋ᠯ ᠤᠨ ᠭᠠᠵᠠᠷ ᠠᠵᠢᠯ ᠤᠨ ᠪᠠᠭ ᠳᠤᠮᠢᠯᠠᠨ 2 ᠤᠨ ᠦᠳᠡ ᠪᠡᠷᠯᠠᠰ ᠸᠢᠭᠠᠰ ᠲᠤ ᠬᠦᠷᠴᠤ ᠰᠤᠷᠠᠭ ᠵᠠᠩᠬᠢ ᠴᠤᠭᠯᠠᠭᠤᠯᠤᠨ ᠠᠰᠠᠭᠤᠨ ᠯᠠᠪᠯᠠᠬᠤ ᠠᠵᠢᠯ ᠵᠤᠬᠢᠶᠠᠨ ᠪᠠᠶᠢᠭᠤᠯᠤᠭᠰᠠᠨ ᠪᠤᠯᠪᠠᠴᠤ ᠤᠳᠤ ᠪᠤᠯᠳᠠᠯ᠎ᠠ ᠳᠤᠮᠳᠠᠳᠤ ᠶᠢᠨ ᠢᠷᠬᠡᠨ ᠤ ᠳᠤᠰᠠᠯᠠᠯᠴᠠᠭ᠎ᠠ ᠬᠦᠰᠡᠭᠰᠡᠨ ᠪᠤᠶᠤ ᠡᠨᠳᠡᠵᠤ ᠰᠢᠷᠬᠠᠳᠤᠭᠰᠠᠨ ᠮᠡᠳᠡᠬᠡᠯᠡᠯ ᠳᠤᠰᠤᠭ᠎ᠠ ᠦᠬᠡᠢ᠃

    ᠡᠨᠡᠬᠦ ᠬᠡᠷᠡᠭ ᠨᠢ ᠠᠮᠧᠷᠢᠺᠡ ᠶᠢᠨ ᠤᠳᠤ ᠦᠶ᠎ᠡ ᠶᠢᠨ ᠳᠡᠤᠬᠡᠨ ᠳᠡᠬᠡᠷᠡᠬᠢ ᠡᠨᠳᠡᠵᠤ ᠰᠢᠷᠬᠠᠳᠤᠭᠰᠠᠨ ᠪᠠᠶᠢᠳᠠᠯ ᠬᠠᠮᠤᠭ ᠤᠨ ᠬᠦᠨᠳᠦ ᠨᠤᠴᠢᠳᠠᠢ ᠫᠤᠤᠳᠠᠯᠭ᠎ᠠ ᠶᠢᠨ ᠬᠡᠷᠡᠭ ᠬᠡᠮᠡᠨ ᠳᠤᠳᠤᠯᠠᠭᠳᠠᠵᠠᠢ᠃ ᠴᠠᠭᠳᠠᠭᠠᠨ ᠤ ᠳᠠᠯ᠎ᠠ ᠶᠢᠨ ᠬᠢᠨ ᠤ ᠬᠡᠷᠡᠴᠢᠯᠡᠭᠰᠡᠨ ᠢᠶᠡᠷ᠂ ᠰᠡᠵᠢᠭᠳᠡᠨ ᠨᠢ ᠳᠤᠬᠠᠢ ᠶᠢᠨ ᠤᠷᠤᠨ ᠤ 64 ᠨᠠᠰᠤᠳᠠᠢ ᠢᠷᠬᠡᠨ ᠪᠤᠯᠬᠤ ᠶᠤᠮ ᠪᠠᠶᠢᠨ᠎ᠠ᠂ ᠬᠡᠷᠡᠭ ᠤᠨ ᠰᠢᠯᠳᠠᠭᠠᠨ ᠤᠳᠤᠬᠠᠨ ᠳᠤ ᠳᠤᠳᠤᠯᠠᠭᠳᠠᠭ᠎ᠠ ᠦᠬᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701121760031