蒙古文网站Logo
ᠰᠢᠨᠬᠤᠸᠠ ᠮᠤᠩᠭ᠋ᠤᠯ ᠨᠧᠲ

ᠠᠦ᠋ᠰᠲ᠋ᠷᠠᠯᠢᠶ᠎ᠠ ᠳ᠋ᠤ ᠬᠠᠯᠲᠠᠪᠤᠷᠢᠲᠤ ᠲᠠᠭᠰᠢᠭᠤᠷ ᠲᠡᠯᠭᠡᠷᠡᠵᠦ 370 ᠭᠠᠷᠤᠢ ᠬᠦᠮᠦᠨ ᠠᠮᠢ ᠪᠠᠨ ᠠᠯᠲᠠᠪᠠ

2017-10-05 12:13

    ᠰᠢᠨᠬᠤᠧᠠ ᠬᠤᠷᠢᠶ᠎ᠠ   ᠺᠠᠨᠪᠧᠷᠠ ᠶᠢᠨ 10 ᠰᠠᠷ᠎ᠠ ᠶᠢᠨ 4 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠰᠢᠦᠢ ᠬᠠᠢ ᠵᠢᠩ᠂ ᠮᠠᠲ᠋᠂ ᠭᠤᠰ ) ᠠᠦ᠋ᠰᠲ᠋ᠷᠡᠯᠢᠶ᠎ᠠ ᠶᠢᠨ ᠡᠷᠡᠬᠦᠯ ᠮᠡᠨᠲᠦ ᠶᠢᠨ ᠰᠠᠯᠠᠭ᠎ᠠ ᠮᠦᠴᠢᠷ ᠤᠨ ᠬᠠᠮᠤᠭ ᠤᠨ ᠰᠢᠨ᠎ᠡ ᠪᠦᠷᠢᠳᠭᠡᠯ ᠳ᠋ᠤ ᠦᠵᠡᠬᠦᠯᠦᠭᠰᠡᠨ ᠶᠢᠡᠷ ᠡᠨᠡ ᠤᠨ ᠳ᠋ᠤ ᠠᠦ᠋ᠰᠲ᠋ᠷᠠᠯᠢᠶ᠎ᠠ ᠶᠢᠨ ᠬᠠᠯᠲᠠᠪᠤᠷᠢᠲᠤ ᠲᠠᠭᠰᠢᠭᠤᠷ ᠲᠤ ᠨᠡᠷᠪᠡᠭ᠍ᠲᠡᠭᠰᠡᠳ ᠨᠢᠲᠤᠨᠤᠨ ᠤ ᠠᠳᠠᠯᠢ ᠬᠤᠭᠤᠴᠠᠭᠠᠨ ᠤ ᠬᠢ ᠡᠴᠡ 2.5 ᠲᠠᠬᠢᠨ ᠨᠡᠮᠡᠭᠲᠡᠵᠦ᠂ 370 ᠭᠠᠷᠤᠢ ᠬᠦᠮᠦᠨ ᠠᠮᠢ ᠪᠠᠨ ᠠᠯᠲᠠᠪᠠ᠃ ᠰᠡᠬᠦᠯ ᠤᠨ ᠦᠶ᠎ᠠ ᠳ᠋ᠤ ᠲᠤᠰᠬᠠᠢ ᠮᠡᠷᠭᠡᠵᠢᠯᠲᠡᠳ ᠡᠴᠡ ᠬᠠᠯᠲᠠᠪᠤᠷᠢᠲᠤ ᠲᠠᠭᠰᠢᠭᠤᠷ ᠤᠨ ᠢᠮᠦ᠋ᠨ ᠤ ᠴᠢᠲᠠᠪᠬᠢ ᠦᠩᠭᠡᠷᠡᠭᠰᠡᠨ ᠵᠢᠯ ᠤᠳ ᠤᠨ ᠬᠢ ᠢ ᠬᠦᠷᠬᠦ ᠦᠭᠡᠢ ᠪᠤᠯᠤᠭᠰᠠᠨ ᠡᠴᠡ ᠬᠠᠯᠲᠠᠪᠤᠷᠢᠲᠤ ᠲᠠᠭᠰᠢᠭᠤᠷ ᠢ ᠰᠡᠷᠭᠡᠶᠢᠯᠡᠬᠦ ᠠᠵᠢᠯ ᠬᠦᠢᠴᠢᠷᠲᠡᠯ ᠲᠠᠢ ᠪᠤᠯᠤᠭᠰᠠᠨ ᠭᠡᠵᠡᠢ᠃

    ᠡᠷᠡᠬᠦᠯ ᠮᠡᠨᠲᠦ ᠶᠢᠨ ᠶᠠᠮᠤᠨ ᠤ ᠬᠢᠨ 85 ᠨᠠᠰᠤᠨ ᠡᠴᠡ ᠲᠡᠭᠡᠭ᠍ᠰᠢᠬᠢ ᠨᠠᠰᠤᠲᠠᠢ ᠬᠦᠮᠦᠰ ᠪᠠ 5 ᠨᠠᠰᠤᠨ ᠡᠴᠡ 9 ᠨᠠᠰᠤᠨ ᠤ ᠬᠤᠭᠤᠷᠤᠨᠲᠤᠬᠢ ᠬᠡᠦᠬᠡᠳ ᠬᠠᠮᠤᠭ ᠤᠨ ᠠᠮᠠᠷᠠᠬᠠᠨ ᠬᠠᠯᠲᠠᠪᠤᠷᠢᠯᠠᠭᠲᠠᠨ᠎ᠠ ; ᠡᠮᠦᠨᠡᠲᠦ ᠬᠠᠭᠠᠰ ᠪᠦᠮᠪᠦᠷᠴᠡᠭ ᠲᠤ 5 ᠰᠠᠷ᠎ᠠ ᠡᠴᠡ 9 ᠰᠠᠷ᠎ᠠ ᠶᠢᠨ ᠬᠤᠭᠤᠷᠤᠨᠲᠤ ᠤᠯᠠᠷᠢᠯ ᠤᠨ ᠴᠢᠨᠠᠷᠲᠠᠢ ᠬᠠᠯᠲᠠᠪᠤᠷᠢᠲᠤ ᠡᠪᠡᠳᠴᠢᠨ ᠲᠡᠯᠭᠡᠷᠡᠲᠡᠭ ᠴᠤ ᠡᠨᠡ ᠤᠨ ᠳ᠋ᠤ ᠬᠠᠯᠲᠠᠪᠤᠷᠢᠲᠤ ᠲᠠᠭᠰᠢᠭᠤᠷ ᠤᠨ ᠬᠤᠭᠤᠴᠠᠭ᠎ᠠ ᠨᠢ ᠤᠤᠯ ᠤᠨ ᠵᠢᠯ ᠤᠳ ᠡᠴᠡ ᠨᠡᠩ ᠤᠷᠲᠤ ᠪᠤᠯᠬᠤ ᠪᠤᠯᠤᠮᠵᠢ ᠲᠠᠢ ᠭᠡᠵᠦ ᠰᠠᠨᠠᠭᠤᠯᠵᠤ ᠪᠠᠶᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120791121764188