蒙古文网站Logo
ᠰᠢᠨᠬᠤᠸᠠ ᠮᠤᠩᠭ᠋ᠤᠯ ᠨᠧᠲ

ᠠᠮᠧᠷᠢᠺᠠ ᠶᠢᠨ ᠴᠠᠭᠠᠨ ᠤᠷᠲᠤᠨ ᠴᠠᠭᠠᠴᠢ ᠢᠷᠭᠡᠨ ᠤ ᠲᠦᠷᠦ ᠶᠢᠨ ᠪᠤᠲᠤᠯᠭ᠎ᠠ ᠶᠢᠨ ᠦᠭᠡᠷᠡᠴᠢᠯᠡᠯᠲᠡ ᠶᠢᠨ ᠵᠢᠬᠰᠠᠭᠠᠯᠲᠠ ᠶᠢ ᠨᠡᠶᠢᠲᠡᠯᠡᠪᠡ

2017-10-10 16:52

    ᠰᠢᠨᠬᠤᠧᠠ ᠬᠤᠷᠢᠶ᠎ᠠ   ᠸᠠᠰᠢᠩᠲ᠋ᠤᠨ ᠤ 10 ᠰᠠᠷ᠎ᠠ ᠶᠢᠨ 8 ᠤ᠋᠋᠋ ᠡᠲᠦᠷ ᠤᠨ ᠴᠠᠬᠢᠯᠭᠠᠨ ᠮᠡᠲᠡᠭᠡ (ᠰᠤᠷᠪᠤᠯᠵᠢᠯᠠᠭᠴᠢ ᠰᠦᠨ ᠳ᠋ᠢᠩ᠂ ᠯᠢᠦ ᠶᠠᠩ ) ᠠᠮᠧᠷᠢᠺᠠ ᠶᠢᠨ ᠴᠠᠭᠠᠨ ᠤᠷᠲᠤᠨ 8 ᠤ ᠡᠲᠦᠷ ᠲᠷᠠᠮᠫ ᠤᠨ ᠵᠠᠰᠠᠭ ᠤᠨ ᠭᠠᠵᠠᠷ ᠴᠠᠭᠠᠴᠢ ᠢᠷᠭᠡᠨ ᠤ ᠦᠭᠡᠷᠡᠴᠢᠯᠡᠯᠲᠡ ᠶᠢᠨ ᠵᠢᠬᠰᠠᠭᠠᠯᠲᠠ ᠶᠢ ᠤᠯᠤᠰ ᠤᠨ ᠬᠤᠷᠠᠯ ᠳ᠋ᠤ ᠲᠤᠰᠢᠶᠠᠭᠰᠠᠨ ᠭᠡᠵᠦ ᠵᠠᠷᠯᠠᠪᠠ᠃ ᠡᠨᠡᠬᠦ ᠵᠢᠬᠰᠠᠭᠠᠯᠲᠠ ᠶᠢᠨ ᠠᠭᠤᠯᠭ᠎ᠠ ᠳ᠋ᠤ ᠬᠢᠯᠢ ᠬᠢᠵᠠᠭᠠᠷ ᠤᠨ ᠠᠮᠤᠷ ᠲᠤᠭᠲᠠᠭᠤᠨ᠂ ᠴᠠᠭᠠᠴᠢ ᠢᠷᠭᠡᠨ ᠤ ᠬᠠᠦᠯᠢ ᠬᠡᠷᠡᠭᠵᠢᠬᠦᠯᠦᠯᠲᠡ ᠵᠢᠴᠢ ᠭᠠᠲᠠᠭᠠᠲᠤ ᠶᠢᠨ ᠢᠷᠭᠡᠨ ᠳ᠋ᠤ ᠨᠤᠭᠤᠭᠠᠨ ᠺᠠᠷᠲ ᠲᠠᠷᠬᠠᠭᠠᠬᠤ ᠲᠤᠭᠲᠠᠯᠴᠠᠭ᠎᠎ᠠ ᠵᠡᠷᠭᠡ ᠶᠢ ᠪᠠᠭᠲᠠᠭᠠᠨ᠎ᠠ᠃

    ᠡᠨᠡᠬᠦ ᠵᠢᠬᠰᠠᠭᠠᠯᠲᠠ ᠳ᠋ᠤ ᠲᠷᠠᠮᠫ ᠤᠨ ᠵᠠᠰᠠᠭ ᠤᠨ ᠭᠠᠵᠠᠷ ᠤᠯᠤᠰ ᠤᠨ ᠬᠤᠷᠠᠯ ᠢ ᠤᠷᠢᠶᠠᠯᠠᠨ ᠠᠮᠧᠷᠢᠺᠠ ᠮᠧᠺᠰᠢᠺᠤ ᠶᠢᠨ ᠬᠢᠯᠢ ᠳ᠋ᠤ ᠬᠡᠷᠡᠮ ᠪᠠᠷᠢᠭᠤᠯᠬᠤ᠂ ᠲᠦᠮᠡᠨ ᠴᠠᠭᠠᠴᠢ ᠢᠷᠭᠡᠨ ᠪᠠ ᠲᠠᠯᠠᠢ ᠶᠢᠨ ᠪᠤᠭᠤᠮᠲᠠ ᠶᠢᠨ ᠬᠠᠦᠯᠢ ᠬᠡᠷᠡᠭᠵᠢᠬᠦᠯᠦᠭᠴᠢ᠂ 1000 ᠴᠠᠭᠠᠴᠢ ᠬᠠᠦᠯᠢᠴᠢ ᠵᠢᠴᠢ ᠬᠤᠯᠪᠤᠭᠠᠨ ᠤ 300 ᠪᠠᠶᠢᠴᠠᠭᠠᠭᠴᠢ ᠨᠤᠶᠠᠨ ᠨᠡᠮᠡᠨ ᠲᠤᠬᠢᠷᠠᠭᠤᠯᠵᠤ ᠠᠮᠧᠷᠢᠺᠠ ᠶᠢᠨ ᠢᠷᠭᠡᠨ ᠪᠠ ᠨᠤᠲᠤᠭᠰᠢᠨ ᠰᠠᠭᠤᠬᠤ ᠡᠷᠬᠡ ᠲᠠᠢ ᠰᠠᠭᠤᠭᠠᠯᠢ ᠢᠷᠭᠡᠨ ᠵᠢᠴᠢ ᠲᠡᠭᠦᠨ ᠤ ᠨᠦᠬᠦᠷ ᠪᠠ ᠨᠠᠰᠤᠨ ᠳ᠋ᠤ ᠬᠦᠷᠦᠭᠡᠲᠦᠢ ᠬᠡᠦᠬᠡᠳ ᠲᠤᠨᠢ ᠨᠤᠭᠤᠭᠠᠨ ᠺᠠᠷᠲ ᠲᠠᠷᠬᠠᠭᠠᠬᠤ ᠶᠢ ᠬᠢᠵᠠᠭᠠᠷᠯᠠᠵᠤ᠂《ᠬᠤᠪᠢ ᠬᠤᠷᠠᠮᠲᠤᠭᠤᠯᠬᠤ》ᠴᠠᠭᠠᠴᠢ ᠢᠷᠭᠡᠨ ᠤ ᠲᠤᠭᠲᠠᠯᠴᠠᠭ᠎ᠠ ᠶᠢ ᠪᠠᠶᠢᠭᠤᠯᠬᠤ ᠵᠡᠷᠭᠡ ᠶᠢ ᠪᠠᠭᠲᠠᠭᠠᠪᠠ᠃ ᠡᠭᠦᠨ ᠡᠴᠡ ᠭᠠᠲᠠᠨ᠎ᠠ ᠬᠤᠭᠤᠴᠠᠭ᠎ᠠ ᠨᠢ ᠦᠩᠭᠡᠷᠡᠭᠰᠡᠨ ᠸᠢᠰᠠ ᠬᠡᠷᠡᠭᠯᠡᠬᠦ ᠠᠵᠢᠯᠯᠠᠭ᠎ᠠ ᠳ᠋ᠤ ᠴᠤᠬᠢᠯᠲᠠ ᠦᠭ᠍ᠬᠦ᠂ ᠭᠠᠴᠢᠭᠲᠠᠯᠲᠠᠲᠤ ᠠᠷᠠᠳ ᠤᠨ ᠬᠢᠯᠢ ᠪᠡᠷ ᠤᠷᠤᠬᠤ ᠶᠢ ᠬᠢᠵᠠᠭᠠᠷᠯᠠᠬᠤ ᠠᠷᠭ᠎ᠠ ᠬᠡᠮᠵᠢᠶ᠎ᠠ ᠵᠡᠷᠭᠡ ᠠᠭᠤᠯᠭ᠎ᠠ ᠨᠤᠭᠤᠳ ᠪᠤᠢ᠃

    ᠴᠠᠭᠠᠴᠢ ᠢᠷᠭᠡᠨ ᠢ ᠬᠢᠵᠠᠭᠠᠷᠯᠠᠬᠤ ᠪᠠ ᠬᠤᠷᠢᠭᠯᠠᠬᠤ ᠪᠤᠯ ᠲᠷᠠᠮᠫ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠠᠮᠠᠯᠲᠠᠯᠭ᠎ᠠ ᠶᠢᠨ ᠨᠢᠭᠡ᠂ ᠲᠡᠷᠡᠪᠡᠷ ᠲᠤᠰᠢᠶᠠᠯ ᠳ᠋ᠤ ᠭᠠᠷᠤᠭᠰᠠᠨ ᠡᠴᠡ ᠨᠠᠰᠢ ᠭᠠᠲᠠᠭᠠᠲᠤ ᠶᠢᠨ ᠴᠠᠭᠠᠴᠢ ᠢᠷᠭᠡᠨ ᠤ ᠬᠢᠯᠢ ᠤᠷᠤᠬᠤ ᠶᠢ ᠬᠢᠵᠠᠭᠠᠷᠯᠠᠬᠤ ᠤᠯᠠᠨ ᠵᠦᠢᠯ ᠤᠨ ᠠᠷᠭ᠎ᠠ ᠬᠡᠮᠵᠢᠶ᠎ᠠ ᠠᠪᠴᠤ ᠤᠯᠤᠰ ᠤᠨ ᠲᠤᠲᠤᠭᠠᠲᠤ ᠭᠠᠲᠠᠭᠠᠲᠤ ᠶᠢᠨ ᠬᠢᠨ ᠤ ᠮᠠᠷᠭᠤᠭᠠᠨ ᠢ ᠲᠡᠭᠲᠡᠭᠡᠪᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120791121781645