蒙古文网站Logo
ᠰᠢᠨᠬᠤᠸᠠ ᠮᠤᠩᠭ᠋ᠤᠯ ᠨᠧᠲ

ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠶᠡᠬᠡ ᠬᠤᠷᠠᠯ ᠡᠴᠡ ᠬᠦᠮᠦᠨ ᠤ ᠡᠷᠬᠡ ᠶᠢᠨ ᠵᠦᠪᠯᠡᠯ ᠤᠨ 15 ᠭᠡᠰᠢᠬᠦᠨᠴᠢᠯᠡᠯ ᠢ ᠰᠤᠩᠭ᠋ᠤᠪᠠ

2017-10-17 15:20

    ᠰᠢᠨᠬᠤᠧᠠ ᠬᠤᠷᠢᠶ᠎ᠠ   ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ 10 ᠰᠠᠷ᠎ᠠ ᠶᠢᠨ 16 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠱᠠᠩ ᠰᠢᠦᠢ ᠴᠢᠶᠠᠨ ) 16 ᠤ ᠡᠲᠦᠷ 72 ᠳ᠋ᠤᠭᠠᠷ ᠬᠤᠭᠤᠴᠠᠭᠠᠨ ᠤ ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠶᠡᠬᠡ ᠬᠤᠷᠠᠯ ᠪᠦᠬᠦ ᠭᠡᠰᠢᠬᠦᠨᠴᠢᠯᠡᠯ ᠤᠨ ᠬᠤᠷᠠᠯ ᠪᠤᠯᠵᠤ᠂ ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠬᠦᠮᠦᠨ ᠤ ᠡᠷᠬᠡ ᠶᠢᠨ ᠵᠦᠪᠯᠡᠯ ᠤᠨ 15 ᠰᠢᠨ᠎ᠡ ᠭᠡᠰᠢᠬᠦᠨᠴᠢᠯᠡᠯ ᠢ ᠰᠤᠩᠭ᠋ᠤᠪᠠ᠂ ᠡᠲᠡᠭᠡᠷ ᠰᠢᠨ᠎ᠡ ᠭᠡᠰᠢᠬᠦᠨᠴᠢᠯᠡᠯ ᠤᠨ ᠲᠤᠰᠢᠶᠠᠯ ᠤᠨ ᠬᠤᠭᠤᠴᠠᠭ᠎ᠠ ᠨᠢ 2018 ᠤᠨ ᠡᠴᠡ 2020 ᠤᠨ ᠪᠤᠯᠤᠨ᠎ᠠ᠃

    ᠲᠤᠲᠤᠷᠠᠭᠤᠯᠪᠠᠯ ᠡᠲᠡᠭᠡᠷ 15 ᠭᠡᠰᠢᠬᠦᠨᠴᠢᠯᠡᠯ ᠳ᠋ᠤ᠂ ᠠᠹᠷᠢᠺᠠ ᠲᠢᠪ ᠤᠨ ᠠᠩᠭ᠋ᠤᠯᠠ᠂ ᠺᠤᠩᠭ᠋ᠤ᠋ ( ᠺᠢᠨ )᠂ ᠨᠢᠭ᠍ᠧᠷᠢᠶ᠎ᠠ᠂ ᠰᠧᠨᠧᠭᠠᠯ ; ᠠᠽᠢᠶ᠎ᠠ ᠨᠤᠮᠤᠬᠠᠨ ᠲᠠᠯᠠᠢ ᠶᠢᠨ ᠤᠷᠤᠨ ᠤ ᠠᠹᠭᠠᠨᠢᠰᠲ᠋ᠠᠨ᠂ ᠨᠧᠫᠠᠯ᠂ ᠫᠠᠺᠢᠰᠲ᠋ᠠᠨ᠂ ᠺᠠᠲ᠋ᠠᠷ; ᠵᠡᠬᠦᠨ ᠡᠸᠷᠦ᠋ᠷᠦᠫᠠ ᠶᠢᠨ ᠤᠷᠤᠨ ᠤ ᠰᠯᠤᠸᠠᠺᠢᠶ᠎ᠠ᠂ ᠦᠺᠷᠠᠶᠢᠨ ; ᠯᠠᠲ᠋ᠢᠨ ᠠᠮᠧᠷᠢᠺᠠ ᠵᠢᠴᠢ ᠺᠠᠷᠢᠪᠧ ᠤᠷᠤᠨ ᠤ ᠴᠢᠯᠢ᠂ ᠮᠧᠺᠰᠢᠺᠤ᠂ ᠫᠧᠷᠦ᠋ ; ᠪᠠᠷᠠᠭᠤᠨ ᠡᠸᠦ᠋ᠷᠦᠫᠡ ᠵᠢᠴᠢ ᠪᠤᠰᠤᠳ ᠤᠷᠤᠨ ᠪᠦᠰᠡ ᠶᠢᠨ ᠢᠰᠫᠠᠨᠢ᠂ ᠠᠦ᠋ᠰᠲ᠋ᠷᠠᠯᠢᠶ᠎ᠠ ᠪᠤᠯᠤᠨ᠎ᠠ᠃ ᠡᠭᠦᠨ ᠳ᠋ᠤ ᠨᠢᠭ᠍ᠧᠷᠢᠶ᠎ᠠ᠂ ᠺᠠᠲ᠋ᠠᠷ ᠤᠯᠠᠷᠢᠨ ᠰᠤᠩᠭ᠋ᠤᠭᠲᠠᠵᠤ ᠪᠠᠶᠢᠭ᠎ᠠ ᠶᠤᠮ᠃

    ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠬᠦᠮᠦᠨ ᠤ ᠡᠷᠬᠡ ᠶᠢᠨ ᠵᠦᠪᠯᠡᠯ ᠤᠨ ᠶᠡᠷᠦᠩᠬᠡᠢ ᠵᠠᠬᠢᠷᠭ᠎ᠠ ᠨᠢ ᠰᠸᠸᠳ᠋ᠸᠨ ᠤ ᠵᠸᠨ᠋ᠸᠸᠨ ᠳ᠋ᠤ ᠪᠤᠢ᠃ ᠨᠡᠶᠢᠲᠡ 47 ᠰᠠᠭᠤᠲᠠᠯ ᠲᠡᠢ᠂ ᠵᠢᠯ ᠪᠦᠷᠢ ᠭᠤᠷᠪᠠᠨ ᠤ ᠨᠢᠭᠡ ᠶᠢᠨ ᠭᠡᠰᠢᠬᠦᠨᠴᠢᠯᠡᠯ ᠢ ᠲᠠᠬᠢᠨ ᠰᠤᠩᠭ᠋ᠤᠵᠤ᠂ ᠲᠤᠰᠢᠶᠠᠯ ᠤᠨ ᠬᠤᠭᠤᠴᠠᠭ᠎ᠠ ᠨᠢ 3 ᠵᠢᠯ᠂ ᠨᠢᠭᠡ ᠤᠲᠠᠭ᠎ᠠ ᠤᠯᠠᠷᠢᠨ ᠡᠭᠡᠯᠵᠢᠯᠡᠵᠦ ᠪᠤᠯᠤᠨ᠎ᠠ᠃

    ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠬᠦᠮᠦᠨ ᠤ ᠡᠷᠬᠡ ᠶᠢᠨ ᠵᠦᠪᠯᠡᠯ ᠤᠨ ᠭᠡᠰᠢᠬᠦᠨᠴᠢᠯᠡᠯ ᠢ ᠨᠢᠭᠡᠲᠦᠭᠰᠡᠨ ᠦᠨᠳᠦᠰᠦᠨ ᠪᠠᠶᠢᠭᠤᠯᠤᠯᠭ᠎ᠠ ᠶᠢᠨ ᠭᠡᠰᠢᠬᠦᠨ ᠤᠯᠤᠰ ᠨᠡᠷ᠎ᠡ ᠲᠡᠮᠲᠡᠭᠯᠡᠬᠦ ᠦᠭᠡᠢ ᠪᠡᠷ ᠰᠤᠩᠭ᠋ᠤᠲᠠᠭ᠂ ᠨᠡᠷ᠎ᠡ ᠲᠡᠪᠰᠢᠭᠴᠢ ᠤᠯᠤᠰ ᠬᠠᠭᠠᠰ ᠲᠤᠭᠠᠨ ᠡᠴᠡ ᠲᠡᠭᠡᠭ᠍ᠰᠢᠬᠢ ᠤᠨᠤᠭ᠎ᠠ ᠤᠯᠤᠭᠰᠠᠨ ᠪᠠᠶᠢᠪᠠᠯ ᠰᠠᠶ᠊ᠢ ᠰᠤᠩᠭ᠋ᠤᠭᠲᠠᠨ᠎ᠠ᠃ 

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120791121816217