蒙古文网站Logo
ᠰᠢᠨᠬᠤᠸᠠ ᠮᠤᠩᠭ᠋ᠤᠯ ᠨᠧᠲ

ᠢᠨᠳᠦ᠋ᠨᠧᠰᠢᠶ᠎ᠠ ᠶᠢᠨ ᠨᠢᠭᠡ ᠫᠤᠤᠵᠢᠩ ᠤᠨ ᠦᠢᠯᠡᠳᠪᠦᠷᠢ ᠲᠡᠯᠪᠡᠷᠡᠪᠡ

2017-10-27 17:37

    ᠰᠢᠨᠬᠤᠧᠠ ᠬᠤᠷᠢᠶ᠎ᠠ   ᠵᠠᠺᠠᠷᠲ᠋ᠠ ᠶᠢᠨ 10 ᠰᠠᠷ᠎ᠠ ᠶᠢᠨ 26 ᠤ ᠡᠲᠦᠷ ᠤᠨ ᠴᠠᠬᠢᠯᠭᠠᠨ ᠮᠡᠲᠡᠭᠡ (ᠵᠧᠩ ᠱᠢ ᠪᠦᠧᠧ) ᠡᠨᠡᠳᠭᠡᠭ᠌ ᠤᠨ ᠬᠡᠪᠯᠡᠯ ᠮᠡᠲᠡᠭᠡᠯᠡᠯ ᠤᠨ 26 ᠤ ᠡᠲᠦᠷ ᠮᠡᠲᠡᠭᠡᠯᠡᠭᠰᠡᠨ ᠢ ᠦᠨᠳᠦᠰᠦᠯᠡᠪᠡᠯ᠂ ᠢᠨᠳᠦ᠋ᠨᠧᠰᠢᠶ᠎ᠠ ᠶᠢᠨ ᠨᠡᠶᠢᠰᠯᠡᠯ ᠵᠠᠺᠠᠷᠲ᠋ᠠ ᠶᠢᠨ ᠪᠠᠷᠠᠭᠤᠨ ᠲᠡᠭᠦᠷᠭᠡ ᠶᠢᠨ ᠨᠢᠭᠡ ᠫᠤᠤᠵᠢᠩ ᠤᠨ ᠦᠢᠯᠡᠳᠪᠦᠷᠢ ᠲᠤᠬᠠᠢ ᠶᠢᠨ ᠡᠲᠦᠷ ᠲᠡᠯᠪᠡᠷᠡᠯᠲᠡ ᠡᠭᠦᠰᠴᠦ᠂ ᠨᠠᠭᠠᠲᠤ ᠵᠠᠬ᠎ᠠ ᠳ᠋ᠠᠭᠠᠨ 47 ᠬᠦᠮᠦᠨ ᠠᠮᠢ ᠪᠠᠨ ᠠᠯᠲᠠᠵᠤ᠂ 46 ᠬᠦᠮᠦᠨ ᠰᠢᠷᠬᠠᠲᠤᠪᠠ ᠭᠡᠵᠡᠢ᠃

    ᠵᠠᠺᠠᠷᠲ᠋ᠠ ᠶᠢᠨ ᠴᠠᠭᠲᠠᠭᠠᠨ ᠤ ᠲᠠᠯ᠎ᠠ ᠶᠢᠨ ᠦᠬᠦᠯᠡᠭᠴᠢ ᠬᠡᠪᠯᠡᠯ ᠮᠡᠲᠡᠭᠡᠯᠡᠯ ᠤᠨ ᠰᠤᠷᠪᠤᠯᠵᠢᠯᠠᠭ᠎ᠠ ᠶᠢ ᠬᠦᠯᠢᠶᠡᠬᠦ ᠳ᠋ᠡᠭᠡᠨ᠂ ᠲᠡᠯᠪᠡᠷᠡᠯᠲᠡ  ᠲᠤᠬᠠᠢ ᠶᠢᠨ ᠤᠷᠤᠨ ᠤ ᠴᠠᠭ ᠶᠢᠡᠷ 26 ᠤ ᠡᠲᠦᠷ ᠤᠨ ᠦᠲᠡ ᠡᠴᠡ ᠡᠮᠦᠨ᠎ᠡ 9᠄ 00 ᠴᠠᠭ ᠲᠤ ᠡᠭᠦᠰᠦᠭᠰᠡᠨ᠂ ᠲᠤᠬᠠᠢ ᠶᠢᠨ ᠦᠶ᠎ᠠ ᠳ᠋ᠤ ᠦᠢᠯᠡᠳᠪᠦᠷᠢ ᠳ᠋ᠤ ᠭᠡᠲᠦᠨ ᠵᠠᠭᠤᠨ ᠠᠵᠢᠯᠲᠠᠨ ᠠᠵᠢᠯᠯᠠᠵᠤ ᠪᠠᠶᠢᠭᠰᠠᠨ ᠭᠡᠵᠡᠢ᠃ ᠠᠪᠤᠷᠠᠨ ᠲᠤᠰᠠᠯᠠᠬᠤ ᠪᠠᠭ ᠤᠨ ᠬᠢᠨ ᠲᠠᠷᠤᠶᠢᠬᠠᠨ ᠬᠦᠲᠡᠯᠦᠯᠴᠠᠵᠦ ᠪᠠᠴᠢᠮ ᠠᠷᠭ᠎ᠠ ᠬᠡᠮᠵᠢᠶ᠎ᠠ ᠠᠪᠤᠬᠰᠠᠨ ᠶᠢᠡᠷ ᠭᠠᠯ ᠢ ᠨᠢᠭᠡᠨᠲᠡ ᠤᠨᠲᠠᠷᠠᠭᠠᠭᠰᠠᠨ ᠪᠠᠶᠢᠨ᠎ᠠ᠃

    ᠲᠤᠬᠠᠢ ᠶᠢᠨ ᠤᠷᠤᠨ ᠤ ᠲᠧᠯᠧᠶ᠋ᠰ ᠬᠤᠷᠢᠶᠠᠨ ᠤ ᠨᠡᠪᠲᠡᠷᠡᠬᠦᠯᠦᠭᠰᠡᠨ ᠪᠢᠴᠢᠯᠭᠡ ᠳ᠋ᠤ ᠲᠡᠯᠪᠡᠷᠡᠯᠲᠡ ᠡᠴᠡ ᠪᠤᠯᠤᠭᠰᠠᠨ ᠭᠠᠯ ᠨᠢ ᠪᠦᠬᠦᠶᠢᠯᠡ ᠦᠢᠯᠡᠳᠪᠦᠷᠢ ᠶᠢ ᠰᠦᠢᠳᠭᠡᠭ᠍ᠰᠡᠨ ᠶᠢᠡᠷ ᠪᠠᠷᠠᠬᠤ ᠦᠭᠡᠢ ᠤᠶᠢᠷ᠎ᠠ ᠬᠠᠪᠢ ᠶᠢᠨ ᠬᠡᠲᠦᠨ ᠠᠷᠪᠠᠨ ᠲᠡᠷᠭᠡ ᠰᠢᠲᠠᠵᠤ ᠬᠡᠰᠡᠭ ᠪᠠᠷᠢᠯᠭ᠎ᠠ ᠨᠤᠷᠠᠪᠠ᠃

    ᠡᠨᠡᠬᠦ ᠫᠤᠤᠵᠢᠩ ᠤᠨ ᠦᠢᠯᠡᠳᠪᠦᠷᠢ ᠶᠢ ᠪᠠᠶᠢᠭᠤᠯᠤᠭᠠᠳ ᠬᠤᠶᠠᠷ ᠰᠠᠷ᠎ᠠ ᠪᠤᠯᠵᠤ ᠪᠠᠶᠢᠨ᠎ᠠ᠂ ᠲᠡᠯᠪᠡᠷᠡᠭᠰᠡᠨ ᠰᠢᠯᠲᠠᠭᠠᠨ ᠢ ᠬᠠᠷᠠᠬᠠᠨ ᠲᠤᠲᠤᠯᠠᠭ᠎ᠠ ᠦᠭᠡᠢ ᠭᠡᠵᠦ ᠴᠠᠭᠲᠠᠭᠠᠨ ᠤ ᠬᠢᠨ ᠢᠯᠡᠷᠬᠡᠶᠢᠯᠡᠪᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121868047