蒙古文网站Logo
ᠰᠢᠨᠬᠤᠸᠠ ᠮᠤᠩᠭ᠋ᠤᠯ ᠨᠧᠲ

ᠫᠠᠺᠢᠰᠲ᠋ᠠᠨ ᠡᠨᠡᠳᠭᠡᠭ᠌ ᠤᠨ 68 ᠵᠢᠭᠠᠰᠤᠴᠢᠨ ᠢ ᠰᠤᠯᠠᠯᠠᠪᠠ

2017-10-31 12:33

    ᠰᠢᠨᠬᠤᠧᠠ ᠬᠤᠷᠢᠶ᠎ᠠ   ᠢᠰᠯᠠᠮᠠᠪᠠᠳ᠋ ᠤᠨ 10 ᠰᠠᠷ᠎ᠠ ᠶᠢᠨ 29 ᠤ ᠡᠲᠦᠷ ᠤᠨ ᠴᠠᠬᠢᠯᠭᠠᠨ ᠮᠡᠲᠡᠭᠡ (ᠰᠤᠷᠪᠤᠯᠵᠢᠯᠠᠭᠴᠢ ᠵᠢᠢ ᠸᠸᠢ) 29 ᠤ ᠡᠲᠦᠷ ᠫᠠᠺᠢᠰᠲ᠋ᠠᠨ ᠤ ᠰᠢᠨᠳ᠋ ᠮᠤᠵᠢ ᠶᠢᠨ ᠵᠠᠰᠠᠭ ᠤᠨ ᠭᠠᠵᠠᠷ ᠡᠨᠡᠳᠭᠡᠭ᠌ ᠤᠨ 68 ᠵᠢᠭᠠᠰᠤᠴᠢᠨ ᠢ ᠰᠤᠯᠠᠯᠠᠪᠠ᠃

    ᠰᠢᠨᠳ᠋ ᠮᠤᠵᠢ ᠶᠢᠨ ᠨᠢᠭᠡ ᠠᠯᠪᠠᠨ ᠲᠤᠰᠢᠶᠠᠯᠲᠠᠨ ᠲᠤᠬᠠᠢ ᠶᠢᠨ ᠡᠲᠦᠷ ᠬᠡᠪᠯᠡᠯ ᠮᠡᠲᠡᠭᠡᠯᠡᠯ ᠤᠨ ᠰᠤᠷᠪᠤᠯᠵᠢᠯᠠᠭ᠎ᠠ ᠶᠢ ᠬᠦᠯᠢᠶᠡᠬᠦ ᠳ᠋ᠡᠭᠡᠨ᠂ ᠪᠢᠲᠡ ᠫᠠᠺᠢᠰᠲ᠋ᠠᠨ ᠤ ᠵᠠᠰᠠᠭ ᠤᠨ ᠭᠠᠵᠠᠷ ᠤᠨ ᠲᠤᠲᠤᠭᠠᠲᠤ ᠶᠠᠪᠤᠲᠠᠯ ᠤᠨ ᠶᠠᠮᠤᠨ ᠤ ᠵᠠᠷᠯᠢᠭ ᠶᠢᠡᠷ ᠡᠨᠡᠳᠭᠡᠭ᠌ ᠤᠨ ᠵᠢᠭᠠᠰᠤᠴᠢᠳ ᠢ ᠰᠤᠯᠠᠯᠠᠭᠰᠠᠨ᠃ ᠡᠲᠡᠭᠡᠷ ᠵᠢᠭᠠᠰᠤᠴᠢᠳ ᠬᠠᠦᠯᠢ ᠪᠤᠰᠤ ᠪᠡᠷ ᠫᠠᠺᠢᠰᠲ᠋ᠠᠨ ᠤ ᠲᠠᠯᠠᠢ ᠶᠢᠨ ᠤᠷᠤᠨ ᠳ᠋ᠤ ᠵᠢᠭᠠᠰᠤ ᠠᠩᠨᠠᠵᠤ ᠪᠠᠶᠢᠭᠰᠠᠨ ᠪᠤᠯᠬᠤᠷ ᠰᠢᠨᠳ᠋ ᠮᠤᠵᠢ ᠶᠢᠨ ᠲᠦᠪ ᠺᠠᠷᠠᠴᠢ ᠳ᠋ᠤ ᠬᠤᠷᠢᠭᠰᠠᠨ ᠭᠡᠵᠡᠢ᠃

    ᠫᠠᠺᠢᠰᠲ᠋ᠠᠨ ᠤ ᠬᠡᠪᠯᠡᠯ ᠮᠡᠲᠡᠭᠡᠯᠡᠯ ᠤᠨ ᠬᠢᠨ ᠤ ᠮᠡᠲᠡᠭᠡᠯᠡᠭᠰᠡᠨ ᠶᠢᠡᠷ᠂ ᠫᠠᠺᠢᠰᠲ᠋ᠠᠨ ᠤ ᠠᠶᠤᠯᠬᠦᠢ ᠶᠢᠨ ᠬᠦᠮᠦᠰ ᠤᠨ ᠨᠢᠬᠲᠠ ᠴᠢᠩᠭ᠋᠎ᠠ ᠬᠠᠮᠠᠭᠠᠯᠠᠯᠲᠠ ᠲᠠᠢ ᠪᠠᠷ  ᠡᠨᠡᠳᠭᠡᠭ᠌ ᠤᠨ ᠵᠢᠭᠠᠰᠤᠴᠢᠳ ᠲᠤᠬᠠᠢ ᠶᠢᠨ ᠡᠲᠦᠷ ᠭᠠᠯᠲᠤ ᠪᠡᠷ ᠯᠠᠾᠦᠷ ᠬᠦᠷᠴᠦ᠂ ᠲᠠᠬᠢᠨ ᠡᠨᠡᠳᠭᠡᠭ᠌ ᠤᠷᠤᠭᠤ ᠪᠠᠨ ᠪᠤᠴᠠᠬᠤ ᠪᠤᠯᠤᠨ᠎ᠠ᠃

    ᠫᠠᠺᠢᠰᠲ᠋ᠠᠨ ᠡᠨᠡᠳᠬᠡᠭ᠌ ᠬᠤᠶᠠᠷ ᠤᠯᠤᠰ ᠠᠷᠠᠪ ᠲᠠᠩᠬᠢᠰ ᠲᠤ ᠲᠠᠯᠠᠢ ᠲᠠᠩᠬᠢᠰ ᠤᠨ ᠵᠠᠭᠠᠭ ᠬᠤᠪᠢᠶᠠᠭᠰᠠᠨ ᠦᠭᠡᠢ᠃ ᠵᠦᠷᠢᠴᠡᠯ ᠲᠠᠢ ᠤᠷᠤᠨ ᠳ᠋ᠤ ᠦᠷᠬᠦᠯᠵᠢ ᠨᠦᠭᠦᠭᠡ ᠤᠯᠤᠰ ᠤᠨ ᠶᠢᠡᠨ ᠵᠢᠭᠠᠰᠤᠴᠢᠨ ᠢ ᠬᠠᠦᠯᠢ ᠪᠤᠰᠤ ᠪᠡᠷ ᠬᠢᠯᠢ ᠤᠷᠤᠭᠰᠠᠨ ᠭᠡᠵᠦ ᠪᠠᠷᠢᠪᠴᠢᠯᠠᠲᠠᠭ᠃

    ᠬᠡᠪᠯᠡᠯ ᠮᠡᠲᠡᠭᠡᠯᠡᠯ ᠤᠨ ᠬᠢᠨ ᠤ ᠲᠤᠶᠢᠮᠤᠴᠢᠯᠠᠭᠰᠠᠨ ᠶᠢᠡᠷ᠂ ᠤᠲᠤᠬᠠᠨ ᠳ᠋ᠤ ᠺᠠᠱᠮᠢᠷ ᠤᠨ ᠵᠦᠷᠢᠴᠡᠯ ᠮᠦᠷᠬᠦᠯᠲᠦᠭᠡᠨ ᠦᠷᠬᠦᠯᠵᠢᠯᠡᠵᠦ᠂ ᠬᠤᠶᠠᠷ ᠤᠯᠤᠰ ᠤᠨ ᠬᠠᠷᠢᠯᠴᠠᠭ᠎ᠠ ᠪᠠᠴᠢᠮ ᠪᠠᠶᠢᠭ᠎ᠠ ᠪᠠᠶᠢᠲᠠᠯ ᠲᠤᠤᠷ᠎ᠠ ᠫᠠᠺᠢᠰᠲ᠋ᠠᠨ ᠤ ᠡᠨᠡᠬᠦ ᠬᠢᠲᠡᠯ ᠨᠢ ᠡᠨᠡᠳᠭᠡᠭ᠌ ᠲᠤ ᠰᠠᠶᠢᠨ ᠰᠠᠨᠠᠭ᠎ᠠ ᠢᠯᠡᠷᠬᠡᠶᠢᠯᠡᠭᠰᠡᠨ ᠶᠠᠪᠤᠲᠠᠯ ᠪᠤᠯᠤᠨ᠎ᠠ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121883571