蒙古文网站Logo
ᠰᠢᠨᠬᠤᠸᠠ ᠮᠤᠩᠭ᠋ᠤᠯ ᠨᠧᠲ

ᠫᠠᠺᠢᠰᠲ᠋ᠠᠨ ᠤ ᠨᠢᠭᠡ ᠠᠶᠠᠨᠴᠢᠳ ᠤᠨ ᠮᠠᠰᠢᠨ ᠠᠭᠤᠯᠠᠨ ᠬᠦᠨᠲᠡᠢ ᠳ᠋ᠤ ᠤᠨᠠᠵᠠᠢ

2017-11-09 18:19

    ᠰᠢᠨᠬᠤᠧᠠ ᠬᠤᠷᠢᠶ᠎ᠠ   ᠢᠰᠯᠠᠮᠠᠪᠠᠳ᠋ ᠤᠨ 11 ᠰᠠᠷ᠎ᠠ ᠶᠢᠨ 8 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠢᠢ ᠸᠸᠢ ) ᠫᠠᠺᠢᠰᠲ᠋ᠠᠨ ᠤ ᠪᠦᠨᠵᠧᠪ ᠮᠤᠵᠢ ᠶᠢᠨ ᠴᠠᠭᠲᠠᠭᠠᠨ ᠤ ᠬᠢᠨ 8 ᠤ ᠡᠲᠦᠷ ᠰᠢᠨᠬᠤᠧᠠ ᠬᠤᠷᠢᠶ᠎ᠠ ᠶᠢᠨ ᠰᠤᠷᠪᠤᠯᠵᠢᠯᠠᠭᠴᠢ ᠳᠤ ᠬᠡᠯᠡᠬᠦ ᠳᠡᠭᠡᠨ᠂ ᠲᠤᠬᠠᠢ ᠶᠢᠨ ᠤᠷᠤᠢ ᠠᠶᠠᠨᠴᠢᠨ ᠳᠦᠭᠦᠷᠲᠡᠯ᠎᠎ᠡ ᠲᠡᠭᠡᠭᠡᠭ᠍ᠰᠡᠨ ᠮᠠᠰᠢᠨ ᠲᠡᠷᠭᠡ ᠲᠤᠰ ᠤᠯᠤᠰ ᠤᠨ ᠪᠦᠨᠵᠸᠪ ᠮᠤᠵᠢ ᠶᠢᠨ ᠠᠲ᠋ᠠᠺᠠ ᠤᠷᠤᠨ ᠤ ᠠᠭᠤᠯᠠᠨ ᠬᠦᠨᠲᠡᠢ ᠳ᠋ᠤ ᠤᠨᠠᠵᠤ᠂ ᠤᠲᠤᠬᠠᠨ ᠪᠤᠯᠲᠠᠯ᠎ᠠ ᠠᠲᠠᠭ ᠲᠠᠭᠠᠨ 22 ᠬᠦᠮᠦᠨ ᠠᠮᠢ ᠪᠠᠨ ᠠᠯᠲᠠᠵᠤ᠂ 51 ᠬᠦᠮᠦᠨ ᠰᠢᠷᠬᠠᠲᠤᠪᠠ ᠭᠡᠵᠡᠢ᠃

    ᠲᠤᠰ ᠮᠤᠵᠢ ᠶᠢᠨ ᠴᠠᠭᠲᠠᠭᠠᠨ ᠤ ᠬᠢᠨ ᠮᠦᠨ ᠬᠡᠯᠡᠬᠦ ᠳ᠋ᠡᠭᠡᠨ ᠠᠶᠠᠨᠴᠢᠨ ᠤ ᠮᠠᠰᠢᠨ ᠤ ᠵᠢᠯᠤᠭᠤᠴᠢ ᠲᠤᠷᠰᠢᠯᠭ᠎ᠠ ᠲᠤᠲᠠᠮᠠᠭ ᠪᠦᠭᠡᠳ ᠬᠤᠷᠲᠤ ᠬᠡᠲᠦᠷᠡᠭᠰᠡᠨ ᠶᠠᠪᠤᠳᠠᠯ ᠤᠰᠤᠯ ᠭᠠᠷᠤᠭᠰᠠᠨ ᠭᠤᠤᠯ ᠰᠢᠯᠲᠠᠭᠠᠨ ᠪᠤᠯᠤᠭᠰᠠᠨ ᠭᠡᠵᠡᠢ᠃

    ᠬᠡᠷᠡᠭ ᠤᠨ ᠲᠠᠷᠠᠭ᠎ᠠ ᠠᠪᠤᠷᠠᠨ ᠲᠤᠰᠠᠯᠠᠭᠴᠢᠳ ᠤᠰᠤᠯ ᠤᠨ ᠲᠠᠯᠠᠪᠤᠷ ᠲᠤ ᠶᠠᠭᠠᠷᠠᠤ ᠬᠦᠷᠴᠦ᠂ ᠰᠢᠷᠬᠠᠲᠤᠭᠰᠠᠳ ᠢ ᠡᠮᠨᠡᠯᠭᠡ ᠳ᠋ᠤ ᠬᠦᠷᠭᠡᠪᠡ᠃ ᠡᠮᠨᠡᠯᠭᠡ ᠶᠢᠨ ᠲᠠᠯ᠎ᠠ ᠶᠢᠨ ᠬᠢᠨ ᠤ ᠬᠡᠯᠡᠬᠦ ᠪᠡᠷ᠂ ᠵᠠᠷᠢᠮ ᠰᠢᠷᠬᠠᠲᠤᠭᠰᠠᠳ ᠤᠨ ᠰᠢᠷᠬ᠎ᠠ  ᠬᠦᠨᠳᠦ ᠪᠠᠶᠢᠨ᠎ᠠ ᠭᠡᠵᠡᠢ᠃ 

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121929633