ᠰᠠᠦ᠋ᠳᠢ ᠠᠷᠠᠪ ᠠᠪᠯᠢᠭ᠎ᠠ ᠳ᠋ᠤ ᠬᠤᠯᠪᠤᠭᠲᠠᠭᠰᠠᠨ 201 ᠬᠦᠮᠦᠨ ᠢ ᠪᠠᠷᠢᠪᠴᠢᠯᠠᠪᠠ 2017-11-10 18:39

    ᠰᠢᠨᠬᠤᠧᠠ ᠬᠤᠷᠢᠶ᠎ᠠ   ᠷᠢᠶᠠᠳ᠋ ᠤᠨ 11 ᠰᠠᠷ᠎ᠠ ᠶᠢᠨ 9 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠸᠠᠩ ᠪᠦᠧᠧ ) 9 ᠤ ᠡᠲᠦᠷ ᠰᠠᠦ᠋ᠳᠢ ᠠᠷᠠᠪ ᠤᠨ ᠶᠡᠷᠦᠩᠬᠡᠢ ᠪᠠᠶᠢᠴᠠᠭᠠᠭᠴᠢ ᠨᠤᠶᠠᠨ ᠬᠡᠯᠡᠬᠦ ᠳ᠋ᠡᠭᠡᠨ᠂ ᠰᠡᠬᠦᠯ ᠤᠨ ᠦᠶ᠎ᠠ ᠳ᠋ᠤ ᠰᠠᠦ᠋ᠳᠢ ᠠᠷᠠᠪ ᠤᠨ ᠠᠪᠯᠢᠭᠠᠯ ᠲᠠᠢ ᠲᠡᠮᠡᠴᠡᠬᠦ ᠰᠢᠭᠤᠷᠭ᠎ᠠ ᠳ᠋ᠤ 201 ᠬᠦᠮᠦᠨ ᠬᠤᠯᠪᠤᠭᠲᠠᠨ ᠪᠠᠷᠢᠪᠴᠢᠯᠠᠭᠲᠠᠪᠠ᠂ ᠲᠤᠭᠠᠴᠠᠭᠠᠯᠠᠭᠰᠠᠨ ᠶᠢᠡᠷ ᠠᠪᠯᠢᠭ᠎ᠠ ᠠᠪᠤᠭᠰᠠᠨ ᠮᠦᠩᠬᠦ 1000 ᠳ᠋ᠦᠩᠰᠢᠭᠤᠷ ᠳ᠋ᠤᠯᠯᠠᠷ ᠲᠤ ᠬᠦᠷᠪᠡ ᠭᠡᠵᠡᠢ᠃ ᠲᠡᠷᠡ ᠬᠡᠯᠡᠬᠦ ᠳ᠋ᠡᠭᠡᠨ᠂ ᠦᠩᠭᠡᠷᠡᠭᠰᠡᠨ 3 ᠵᠢᠯ ᠤᠨ ᠪᠠᠶᠢᠴᠠᠭᠠᠯᠲᠠ ᠶᠢ ᠦᠨᠳᠦᠰᠦᠯᠡᠪᠡᠯ᠂ ᠪᠠᠷᠤᠭ ᠦᠩᠭᠡᠷᠡᠭᠰᠡᠨ ᠠᠷᠪᠠᠭᠠᠳ ᠵᠢᠯ ᠳ᠋ᠤ ᠰᠢᠰᠲ᠋ᠧᠮ ᠶᠢᠡᠷ ᠶᠢᠡᠨ ᠠᠪᠯᠢᠭᠠᠯᠠᠭᠰᠠᠨ ᠪᠠ ᠬᠡᠬᠡᠯᠢ ᠬᠠᠬᠤᠤᠯᠢ ᠢᠲᠡᠭᠰᠡᠨ ᠤᠯᠤᠰ ᠤᠨ ᠦᠮᠴᠢᠯᠡᠯ ᠤᠨ ᠮᠦᠩᠬᠦ 1000 ᠳ᠋ᠦᠩᠰᠢᠭᠤᠷ ᠳ᠋ᠤᠯᠯᠠᠷ ᠬᠦᠷᠦᠭᠰᠡᠨ ᠶᠤᠮ᠃ ᠠᠪᠯᠢᠭᠠᠯ ᠲᠠᠢ ᠲᠡᠮᠡᠴᠡᠬᠦ ᠰᠢᠭᠤᠷᠭ᠎ᠠ ᠳ᠋ᠤ ᠡᠲᠡᠭᠡᠷ ᠬᠦᠮᠦᠰ ᠤᠨ ᠬᠤᠪᠢ ᠬᠦᠮᠦᠨ ᠤ ᠪᠠᠩᠬᠢ ᠶᠢᠨ ᠲᠠᠩᠰᠠ ᠶᠢ ᠬᠠᠭᠠᠭᠰᠠᠨ ᠪᠠᠶᠢᠨ᠎ᠠ᠂ ᠭᠡᠪᠡᠴᠦ ᠬᠤᠪᠢ ᠶᠢᠨ ᠦᠮᠴᠢᠯᠡᠯ ᠤᠨ ᠺᠤᠮᠫᠠᠨᠢ ᠶᠢᠨ ᠬᠢᠨᠢ ᠲᠠᠩᠰᠠ ᠶᠢ ᠬᠠᠭᠠᠭᠰᠠᠨ ᠦᠭᠡᠢ᠂ ᠠᠷᠠᠯᠵᠢᠶ᠎ᠠ ᠬᠤᠲᠠᠯᠲᠤᠭᠠᠨ ᠤ ᠠᠵᠢᠯᠯᠠᠭ᠎ᠠ ᠨᠦᠯᠦᠭᠡᠯᠡᠭᠲᠡᠬᠦ ᠦᠭᠡᠢ ᠭᠡᠵᠡᠢ᠃

    ᠰᠠᠦ᠋ᠳᠢ ᠠᠷᠠᠪ ᠤᠨ ᠬᠡᠪᠯᠡᠯ ᠮᠡᠲᠡᠭᠡᠯᠡᠯ ᠤᠨ ᠬᠢᠨ ᠤ ᠮᠡᠲᠡᠭᠡᠯᠡᠭᠰᠡᠨ ᠶᠢᠡᠷ᠂ ᠤᠲᠤᠬᠠᠨ ᠪᠤᠯᠲᠠᠯ᠎ᠠ ᠰᠠᠦ᠋ᠳᠢ ᠠᠷᠠᠪ ᠤᠨ ᠪᠠᠩᠬᠢ ᠬᠡᠷᠡᠭ ᠲᠤ ᠬᠤᠯᠪᠤᠬᠲᠠᠭᠰᠠᠨ ᠬᠦᠮᠦᠰ ᠤᠨ 1700 ᠭᠠᠷᠤᠢ ᠪᠠᠩᠬᠢ ᠶᠢᠨ ᠲᠠᠩᠰᠠ ᠶᠢ ᠬᠠᠭᠠᠪᠠ᠃ ᠠᠷᠠᠪ ᠤᠨ ᠬᠤᠯᠪᠤᠭᠠᠨ ᠤ ᠪᠠᠩᠬᠢ ᠴᠤ ᠰᠠᠦ᠋ᠳᠢ ᠠᠷᠠᠪ ᠤᠨ ᠲᠠᠯ᠎ᠠ ᠶᠢᠨ ᠬᠢᠨ ᠤ ᠬᠠᠩᠭ᠋ᠠᠭᠰᠠᠨ ᠬᠡᠷᠡᠭ ᠲᠤ ᠬᠤᠯᠪᠤᠭᠲᠠᠭᠰᠠᠨ ᠬᠦᠮᠦᠰ ᠤᠨ ᠲᠤᠰ ᠤᠯᠤᠰ ᠲᠡᠬᠢ ᠪᠠᠩᠬᠢ ᠶᠢᠨ ᠮᠡᠲᠡᠭᠡ ᠵᠠᠩᠬᠢ ᠶᠢ ᠬᠠᠩᠭ᠋ᠠᠬᠤ ᠭᠤᠶᠤᠴᠢᠯᠠᠯ ᠢ ᠤᠯᠤᠭᠰᠠᠨ ᠭᠡᠵᠡᠢ᠃

    4 ᠤ ᠡᠲᠦᠷ ᠰᠠᠦ᠋ᠳᠢ ᠠᠷᠠᠪ ᠤᠨ ᠤᠯᠤᠰ ᠤᠨ ᠸᠠᠩ ᠰᠠᠯᠠᠮᠠᠨ ᠸᠠᠩ ᠤᠨ ᠤᠭᠰᠠᠭᠠᠨ ᠤ ᠮᠦᠬᠠᠮᠧᠳ᠋ ᠶᠢᠡᠷ ᠲᠠᠷᠤᠭᠠᠯᠠᠭᠤᠯᠤᠭᠰᠠᠨ ᠬᠠᠮᠤᠭ ᠤᠨ ᠲᠡᠭᠡᠳᠦ ᠠᠪᠯᠢᠭᠠᠯ ᠲᠠᠢ ᠲᠡᠮᠡᠴᠡᠬᠦ ᠵᠦᠪᠯᠡᠯ ᠪᠠᠶᠢᠭᠤᠯᠤᠭᠰᠠᠨ ᠶᠢᠡᠷ ᠲᠤᠩᠬᠠᠬᠯᠠᠵᠤ᠂ ᠠᠪᠯᠢᠭᠠᠯ ᠳ᠋ᠤ ᠬᠤᠯᠪᠤᠭᠲᠠᠵᠤ ᠤᠯᠤᠰ ᠤᠨ ᠡᠳ᠋ ᠬᠦᠷᠦᠩᠭᠡ ᠶᠢ ᠵᠠᠯᠬᠢᠭᠰᠠᠨ ᠠᠵᠢᠯᠯᠠᠭ᠎ᠠ ᠳ᠋ᠤ ᠴᠢᠩᠭ᠋᠎ᠠ ᠴᠤᠬᠢᠯᠲᠠ ᠦᠭ᠍ᠭᠦᠨ᠎ᠡ ᠭᠡᠵᠡᠢ᠃ ᠮᠦᠨ ᠲᠤᠬᠠᠢ ᠶᠢᠨ ᠤᠷᠤᠢ 11 ᠸᠠᠩ ᠤᠨ  ᠬᠦᠪᠡᠭᠦᠨ᠂ 38 ᠤᠲᠤ ᠶᠢᠨ ᠪᠤᠶᠤ ᠤᠤᠯ ᠤᠨ ᠰᠠᠶᠢᠳ ᠵᠢᠴᠢ ᠪᠠᠶᠠᠨ ᠬᠤᠲᠠᠯᠲᠤᠭᠠᠴᠢᠳ ᠢ ᠪᠠᠷᠢᠪᠴᠢᠯᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701121937366