蒙古文网站Logo
ᠰᠢᠨᠬᠤᠸᠠ ᠮᠤᠩᠭ᠋ᠤᠯ ᠨᠧᠲ

ᠡᠸᠦ᠋ᠷᠦᠫᠠ ᠶᠢᠨ ᠬᠤᠯᠪᠤᠭᠠᠨ ᠤ 23 ᠤᠯᠤᠰ ᠤᠯᠤᠰ ᠤᠨ ᠪᠠᠲᠤᠯᠠᠨ ᠬᠠᠮᠠᠭᠠᠯᠠᠯᠲᠠ ᠶᠢᠨ ᠴᠠᠷᠠᠭ᠎ᠠ ᠬᠦᠷᠢᠶᠠᠨ ᠳ᠋ᠤ 《 ᠡᠭᠦᠷᠢᠲᠡ ᠶᠢᠨ ᠪᠦᠲᠦᠴᠡᠲᠦ ᠴᠢᠨᠠᠷᠲᠠᠢ ᠬᠠᠮᠲᠤᠷᠠᠯᠴᠠᠭ᠎ᠠ》ᠪᠠᠶᠢᠭᠤᠯᠵᠠᠢ

2017-11-14 12:08

    ᠰᠢᠨᠬᠤᠧᠠ ᠬᠤᠷᠢᠶ᠎ᠠ   ᠪᠷᠦ᠋ᠰᠧᠯ ᠤᠨ 11 ᠰᠠᠷ᠎᠎ᠠ ᠶᠢᠨ 13 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠧᠦ ᠵᠢᠶᠦ᠋ᠨ ) 13 ᠤ᠋ ᠡᠲᠦᠷ ᠡᠸᠦ᠋ᠷᠦᠫᠠ ᠶᠢᠨ ᠬᠤᠯᠪᠤᠭᠠᠨ ᠤ 23 ᠤᠯᠤᠰ ᠤᠨ ᠭᠠᠲᠠᠭᠠᠲᠤ ᠶᠠᠪᠤᠲᠠᠯ ᠤᠨ ᠶᠠᠮᠤᠨ ᠤ ᠰᠠᠶᠢᠳ ᠪᠠ ᠤᠯᠤᠰ ᠤᠨ ᠪᠠᠲᠤᠯᠠᠨ ᠬᠠᠮᠠᠭᠠᠯᠠᠯᠲᠠ ᠶᠢᠨ ᠶᠠᠮᠤᠨ ᠤ ᠰᠠᠶᠢᠳ ᠨᠠᠷ ᠡᠴᠡ ᠡᠸᠦ᠋ᠷᠦᠫᠠ ᠶᠢᠨ ᠬᠤᠯᠪᠤᠭᠠᠨ ᠤ ᠭᠠᠲᠠᠭᠠᠲᠤ ᠶᠠᠪᠤᠲᠠᠯ ᠤᠨ ᠰᠠᠶᠢᠳ ᠤᠨ ᠬᠡᠷᠡᠭ ᠮᠡᠲᠡᠭᠴᠢᠳ ᠤᠨ ᠬᠤᠷᠠᠯ ᠤᠨ ᠬᠤᠭᠤᠴᠠᠭᠠᠨ ᠳ᠋ᠤ ᠬᠤᠯᠪᠤᠭᠠᠨ ᠤ ᠬᠡᠯᠡᠯᠴᠡᠭᠡᠷ ᠲᠤᠭᠲᠠᠵᠤ ᠪᠠᠲᠤᠯᠠᠨ ᠬᠠᠮᠠᠭᠠᠯᠠᠯᠲᠠ ᠶᠢᠨ ᠴᠠᠷᠠᠭ᠎ᠠ ᠬᠦᠷᠢᠶᠠᠨ ᠳ᠋ᠤ 《 ᠡᠭᠦᠷᠢᠲᠡ ᠶᠢᠨ ᠪᠦᠲᠦᠴᠡᠲᠦ ᠴᠢᠨᠠᠷᠲᠠᠢ ᠬᠠᠮᠲᠤᠷᠠᠯᠴᠠᠭ᠎ᠠ》ᠪᠠᠶᠢᠭᠤᠯᠵᠠᠢ᠃

    ᠡᠨᠡᠬᠦ ᠬᠠᠮᠲᠤᠷᠠᠯᠴᠠᠭ᠎ᠠ ᠨᠢ ᠡᠸᠦ᠋ᠷᠦᠫᠠ ᠶᠢᠨ ᠬᠤᠯᠪᠤᠭᠠᠨ ᠤ ᠭᠡᠰᠢᠬᠦᠨᠴᠢᠯᠡᠯ ᠤᠨ ᠬᠤᠭᠤᠷᠤᠨᠲᠤᠬᠢ ᠪᠠᠲᠤᠯᠠᠨ ᠬᠠᠮᠠᠭᠠᠯᠠᠯᠲᠠ ᠶᠢᠨ ᠬᠠᠮᠲᠤᠷᠠᠯᠴᠠᠭ᠎ᠠ ᠶᠢ ᠭᠦᠨᠵᠡᠭᠡᠶᠢᠷᠡᠬᠦᠯᠵᠦ᠂ ᠬᠡᠯᠡᠯᠴᠡᠭᠡᠷ ᠲᠤᠭᠲᠠᠭᠰᠠᠨ ᠤᠯᠤᠰ ᠤᠳ ᠬᠠᠮᠲᠤ ᠪᠡᠷ ᠪᠠᠲᠤᠯᠠᠨ ᠬᠠᠮᠭᠠᠯᠠᠯᠲᠠ ᠶᠢᠨ ᠴᠢᠲᠠᠪᠤᠷᠢ᠂ ᠪᠠᠲᠤᠯᠠᠨ ᠬᠠᠮᠠᠭᠠᠯᠠᠯᠲᠠ ᠶᠢᠨ ᠲᠦᠰᠦᠯ ᠳ᠋ᠤ ᠬᠦᠷᠦᠩᠭᠡ ᠤᠷᠤᠭᠤᠯᠬᠤ ᠵᠢᠴᠢ ᠴᠡᠷᠢᠭ ᠤᠨ ᠶᠠᠪᠤᠲᠠᠯ ᠤᠨ ᠪᠤᠲᠠᠲᠤ ᠬᠦᠴᠦᠨ ᠶᠢᠡᠨ ᠴᠢᠩᠭ᠋ᠠᠳᠬᠠᠬᠤ ᠪᠤᠯᠤᠨ᠎ᠠ᠃ ᠮᠦᠨ ᠬᠦᠲᠦᠯᠪᠦᠷᠢ ᠶᠢᠨ ᠲᠠᠭᠠᠤ ᠭᠡᠰᠢᠬᠦᠨᠴᠢᠯᠡᠯ ᠤᠯᠤᠰ ᠲᠤᠭᠲᠠᠭᠰᠠᠨ ᠬᠤᠭᠤᠴᠠᠭᠠᠨ ᠳ᠋ᠤ ᠤᠯᠤᠰ ᠤᠨ ᠪᠠᠲᠤᠯᠠᠨ ᠬᠠᠮᠠᠭᠠᠯᠠᠯᠲᠠ ᠶᠢᠨ ᠲᠦᠰᠦᠪ ᠶᠢᠡᠨ ᠨᠡᠮᠡᠬᠦ ᠵᠡᠷᠭᠡ ᠠᠮᠠᠯᠠᠯᠲᠠ ᠪᠠᠨ ᠭᠦᠢᠴᠡᠳᠭᠡᠨ᠎ᠡ᠃ ᠡᠭᠦᠨ ᠡᠴᠡ ᠭᠠᠲᠠᠨ᠎ᠠ ᠬᠡᠯᠡᠯᠴᠡᠭᠡᠷ ᠲᠤ ᠤᠷᠤᠯᠴᠠᠭᠰᠠᠨ ᠦᠭᠡᠢ ᠭᠡᠰᠢᠬᠦᠨᠴᠢᠯᠡᠯ ᠤᠯᠤᠰ ᠬᠤᠵᠢᠭᠤ ᠦᠶ᠎ᠠ ᠪᠡᠷ ᠤᠷᠤᠯᠴᠠᠬᠤ ᠪᠤᠯᠤᠮᠵᠢ ᠲᠠᠢ᠃

    2007 ᠤᠨ ᠳ᠋ᠤ ᠲᠤᠭᠲᠠᠭᠰᠠᠨ 《ᠯᠢᠰᠪᠤᠨ ᠤ ᠭᠡᠷ᠎ᠡ》 ᠶ᠋ᠢ ᠦᠨᠳᠦᠰᠦᠯᠡᠨ᠂ 2017 ᠤᠨ ᠤ ᠡᠴᠦᠰ ᠶᠢᠡᠷ ᠡᠸᠦ᠋ᠷᠦᠫᠠ ᠶᠢᠨ ᠬᠤᠯᠪᠤᠭᠠᠨ ᠤ ᠭᠡᠰᠢᠬᠦᠨᠴᠢᠯᠡᠯ ᠤᠨ ᠡᠷᠠᠮᠠᠯᠵᠠᠯ ᠲᠠᠢ ᠤᠯᠤᠰ 《 ᠡᠭᠦᠷᠢᠲᠡ ᠶᠢᠨ ᠪᠦᠲᠦᠴᠡᠲᠦ ᠴᠢᠨᠠᠷᠲᠠᠢ ᠬᠠᠮᠲᠤᠷᠠᠯᠴᠠᠭ᠎ᠠ》 ᠶ᠋ᠢ ᠠᠵᠢᠯᠯᠠᠭᠤᠯᠵᠤ ᠬᠠᠮᠲᠤ ᠪᠡᠷ ᠰᠡᠷᠭᠡᠶᠢᠯᠡᠨ ᠬᠠᠮᠠᠭᠠᠯᠠᠬᠤ ᠲᠤᠭᠲᠠᠯᠴᠠᠭ᠎ᠠ ᠶᠢ ᠬᠡᠷᠡᠭᠵᠢᠬᠦᠯᠬᠦ ᠪᠤᠯᠤᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121953261