蒙古文网站Logo
ᠰᠢᠨᠬᠤᠸᠠ ᠮᠤᠩᠭ᠋ᠤᠯ ᠨᠧᠲ

《 ᠢᠰᠯᠠᠮ ᠤᠨ ᠤᠯᠤᠰ》 ᠪᠠ ᠲᠠᠯᠢᠪᠠᠨ ᠤ ᠵᠡᠪᠰᠡᠭᠲᠦ ᠪᠦᠯᠦᠭᠲᠡᠨ ᠤ ᠬᠤᠭᠤᠷᠤᠨᠲᠤ ᠮᠦᠷᠬᠦᠯᠲᠦᠭᠡᠨ ᠡᠭᠦᠰᠪᠡ

2017-11-28 16:12

    ᠰᠢᠨᠬᠤᠧᠠ ᠬᠤᠷᠢᠶ᠎ᠠ   ᠺᠠᠪᠦ᠋ᠯ ᠤᠨ 11 ᠰᠠᠷ᠎ᠠ ᠶᠢᠨ 27 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠳ᠋ᠠᠢ ᠡᠾᠧ᠂ ᠵᠢᠶᠠᠩ ᠴᠤᠤ ) ᠠᠹᠭᠠᠨᠢᠰᠲ᠋ᠠᠨ ᠤ ᠬᠡᠪᠯᠡᠯ ᠮᠡᠲᠡᠭᠡᠯᠡᠯ ᠤᠨ 27 ᠤ ᠡᠲᠦᠷ ᠮᠡᠲᠡᠭᠡᠯᠡᠭᠰᠡᠨ ᠶᠢᠡᠷ᠂ ᠰᠡᠬᠦᠯ ᠤᠨ ᠦᠶ᠎ᠠ ᠳ᠋ᠤ ᠠᠹᠭᠠᠨᠢᠰᠲ᠋ᠠᠨ ᠤ ᠵᠡᠬᠦᠨ ᠪᠦᠰᠡ ᠳ᠋ᠤ ᠨᠢᠭᠤᠭᠲᠠᠵᠤ ᠪᠠᠶᠢᠭᠰᠠᠨ ᠲᠠᠪᠠᠷᠠᠮᠠᠲᠠᠭᠠᠢ ᠪᠦᠯᠦᠭᠲᠡᠨ ᠤ ᠵᠤᠬᠢᠶᠠᠨ ᠪᠠᠶᠢᠭᠤᠯᠤᠯᠲᠠ ᠪᠤᠯᠬᠤ《ᠢᠰᠯᠠᠮ ᠤᠨ ᠤᠯᠤᠰ》ᠲᠠᠯᠢᠪᠠᠨ ᠤ ᠵᠡᠪᠰᠡᠭᠲᠦ ᠪᠦᠯᠦᠭᠲᠡᠨ ᠯᠤᠭᠡ ᠮᠦᠷᠭᠦᠯᠲᠦᠭᠡᠨ ᠡᠭᠦᠰᠴᠦ᠂ ᠡᠭᠦᠨ ᠤ ᠨᠦᠯᠦᠭᠡ ᠡᠴᠡ ᠪᠤᠯᠵᠤ ᠨᠠᠭᠠᠳᠤ ᠵᠠᠬ᠎ᠠ ᠳᠤ ᠪᠡᠨ ᠲᠤᠬᠠᠢ ᠶᠢᠨ ᠤᠷᠤᠨ ᠤ ᠲᠦᠮᠡᠨ ᠡᠷᠦᠬᠡ ᠵᠠᠶᠢᠯᠠᠨ ᠲᠤᠲᠠᠭᠠᠬᠰᠠᠨ ᠭᠡᠵᠡᠢ᠃

    ᠮᠦᠨ ᠮᠡᠲᠡᠭᠡᠯᠡᠭᠰᠡᠨ ᠶᠢᠡᠷ᠂ ᠲᠠᠶᠢᠨ ᠤ ᠬᠦᠯ ᠡᠴᠡ ᠵᠠᠶᠢᠯᠠᠬᠤ ᠪᠡᠷ ᠲᠤᠬᠠᠢ ᠶᠢᠨ ᠤᠷᠤᠨ ᠤ ᠤᠯᠠᠩᠬᠢ ᠠᠶᠢᠯ ᠡᠷᠦᠬᠡ ᠰᠦᠨᠢ ᠪᠡᠷ ᠲᠥᠰᠦᠷ ᠬᠠᠪᠢ ᠶᠢᠨ ᠶᠢᠡᠨ ᠤᠷᠤᠨ ᠪᠦᠰᠡ ᠤᠷᠤᠭᠤ ᠲᠤᠲᠠᠭᠠᠵᠠᠢ᠃ ᠡᠲᠡᠭᠡᠷ ᠠᠶᠢᠯ ᠡᠷᠦᠬᠡ ᠶᠢᠨ ᠪᠠᠶᠢᠲᠠᠯ ᠬᠡᠴᠡᠬᠦᠳᠡᠵᠤ᠂ ᠬᠦᠨᠡᠰᠤ ᠤᠰᠤ ᠲᠤᠲᠠᠭᠲᠠᠨ᠂ ᠬᠦᠮᠦᠨᠴᠢ ᠦᠵᠡᠯ ᠤᠨ ᠲᠡᠮᠵᠢᠯᠭᠡ ᠪᠠᠴᠢᠮ ᠱᠠᠭᠠᠷᠳᠠᠵᠤ ᠪᠠᠶᠢᠨ᠎ᠠ ᠭᠡᠵᠡᠢ᠃

    ᠡᠨᠡ ᠤᠨ ᠡᠴᠡ ᠨᠠᠰᠢ᠂《ᠢᠰᠯᠠᠮ ᠤᠨ ᠤᠯᠤᠰ》 ᠪᠠ ᠠᠹᠭᠠᠨᠢᠰᠲ᠋ᠠᠨ ᠤ ᠲᠠᠯᠢᠪᠠᠨ ᠤ ᠬᠤᠭᠤᠷᠤᠨᠲᠤ ᠤᠯᠠᠨ ᠤᠳᠠᠭ᠎ᠠ ᠮᠦᠷᠭᠦᠯᠲᠦᠭᠡᠨ ᠭᠠᠷᠪᠠ᠃ ᠠᠹᠭᠠᠨᠢᠰᠲ᠋ᠠᠨ ᠤ ᠬᠡᠪᠯᠡᠯ ᠮᠡᠲᠡᠭᠡᠯᠡᠯ ᠤᠨ 10 ᠰᠠᠷ᠎ᠠ ᠶᠢᠨ 25 ᠤ ᠡᠲᠦᠷ ᠮᠡᠲᠡᠭᠡᠯᠡᠭᠰᠡᠨ ᠢ ᠦᠨᠳᠦᠰᠦᠯᠡᠪᠡᠯ ᠬᠤᠶᠠᠷ ᠲᠠᠯ᠎ᠠ ᠪᠡᠷ ᠶᠢᠡᠨ ᠰᠢᠷᠦᠬᠦᠨ ᠮᠦᠷᠬᠦᠯᠲᠦᠭᠡᠨ ᠭᠠᠷᠴᠤ᠂ ᠠᠲᠠᠭ ᠲᠠᠭᠠᠨ 52 ᠬᠦᠮᠦᠨ ᠠᠮᠢ ᠪᠠᠨ ᠠᠯᠲᠠᠵᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122024290