蒙古文网站Logo
ᠰᠢᠨᠬᠤᠸᠠ ᠮᠤᠩᠭ᠋ᠤᠯ ᠨᠧᠲ

ᠶᠠᠫᠤᠨ ᠤ ᠰᠢᠽ ᠤᠺᠠ ᠺᠧᠨ ᠰᠢᠶᠠᠨ ᠤ ᠨᠢᠭᠡ ᠬᠢᠮᠢ ᠶᠢᠨ ᠦᠢᠯᠡᠳᠪᠦᠷᠢ ᠲᠡᠯᠪᠡᠷᠡᠪᠡ

2017-12-01 16:54

    ᠰᠢᠨᠬᠤᠧᠠ ᠬᠤᠷᠢᠶ᠎ᠠ   ᠲᠤᠤᠺᠢᠤ᠋ ᠶᠢᠨ 12 ᠰᠠᠷ᠎ᠠ ᠶᠢᠨ 1 ᠤ ᠡᠲᠦᠷ ᠤᠨ ᠴᠠᠬᠢᠯᠭᠠᠨ ᠮᠡᠲᠡᠭᠡ   12 ᠰᠠᠷ᠎ᠠ ᠶᠢᠨ 1 ᠤ ᠡᠲᠦᠷ ᠤᠨ ᠦᠲᠡ ᠡᠴᠡ ᠡᠮᠦᠨ᠎ᠡ ᠶᠠᠫᠤᠨ ᠤ ᠰᠢᠽ ᠤᠺᠠ ᠺᠧᠨ ᠰᠢᠶᠠᠨ ᠤ ᠨᠢᠭᠡ ᠬᠢᠮᠢ ᠶᠢᠨ ᠦᠢᠯᠡᠳᠪᠦᠷᠢ ᠲᠡᠯᠪᠡᠷᠡᠵᠦ᠂ 1 ᠬᠦᠮᠦᠨ ᠠᠮᠢ ᠪᠠᠨ ᠠᠯᠲᠠᠨ᠂ 11 ᠬᠦᠮᠦᠨ ᠰᠢᠷᠬᠠᠲᠤᠪᠠ᠂ ᠡᠭᠦᠨ ᠳ᠋ᠤ 3 ᠬᠦᠮᠦᠨ ᠤ ᠬᠢᠨᠢ ᠰᠢᠷᠬ᠎ᠠ ᠨᠢ ᠬᠦᠨᠳᠦ ᠪᠠᠶᠢᠨ᠎ᠠ᠃

    ᠲᠤᠬᠠᠢ ᠶᠢᠨ ᠤᠷᠤᠨ ᠤ ᠴᠠᠭ ᠶᠢᠡᠷ 8᠄ 30 ᠴᠠᠭ ᠤᠨ ᠦᠶ᠎ᠠ ᠪᠡᠷ ᠲᠡᠯᠪᠡᠷᠡᠯᠲᠡ ᠡᠭᠦᠰᠦᠭᠰᠡᠨ ᠤ ᠲᠠᠷᠠᠭ᠎ᠠ ᠭᠠᠯ ᠤᠨᠲᠠᠷᠠᠭᠠᠬᠤ ᠰᠠᠯᠠᠭ᠎ᠠ ᠮᠦᠴᠢᠷ ᠤᠨ ᠬᠢᠨ ᠲᠡᠷᠡ ᠲᠠᠷᠤᠢ ᠳ᠋ᠤᠨᠢ ᠤᠰᠤᠯ ᠤᠨ ᠲᠠᠯᠠᠪᠤᠷ ᠲᠤ ᠬᠦᠷᠴᠦ ᠭᠠᠯ ᠤᠨᠲᠠᠷᠠᠭᠠᠪᠠ᠃ ᠤᠰᠤᠯ ᠤᠨ ᠲᠠᠯᠠᠪᠤᠷ ᠲᠤ ᠬᠠᠷ᠎ᠠ ᠤᠲᠤᠭ᠎ᠠ ᠪᠠᠭᠠᠬᠢᠨ᠂ ᠦᠢᠯᠡᠳᠪᠦᠷᠢ ᠶᠢᠨ ᠪᠠᠷᠢᠯᠭ᠎ᠠ ᠶᠢᠨ ᠲᠤᠲᠤᠷ᠎ᠠ ᠭᠠᠯ ᠤᠨ ᠰᠤᠷ ᠡᠴᠡ ᠥᠭᠡᠷ᠎ᠡ ᠶᠠᠭᠤ ᠴᠤ ᠬᠠᠷᠠᠭᠲᠠᠬᠤ ᠪᠠᠨ ᠪᠠᠶᠢᠵᠤ᠂ ᠦᠢᠯᠡᠳᠪᠦᠷᠢ ᠶᠢᠨ ᠭᠠᠲᠠᠨᠠᠬᠢ ᠬᠡᠰᠡᠭ ᠬᠡᠷᠡᠮ ᠲᠡᠯᠪᠡᠷᠡᠨ ᠠᠯᠠᠭ᠎ᠠ ᠪᠤᠯᠪᠠ᠃

    ᠭᠠᠯ ᠤᠨᠲᠠᠷᠠᠭᠠᠬᠤ ᠰᠠᠯᠠᠭ᠎ᠠ ᠮᠦᠴᠢᠷ ᠤᠨ ᠬᠢᠨ ᠬᠠᠪᠢ ᠲᠦᠰᠦᠷ ᠤᠨ ᠢᠷᠭᠡᠳ ᠢ ᠪᠠᠴᠢᠮ ᠰᠢᠯᠵᠢᠬᠦᠯᠪᠡ᠃

    ᠶᠡᠷᠦᠩᠬᠡᠢ ᠵᠠᠬᠢᠷᠭ᠎ᠠ ᠨᠢ ᠤᠤᠰᠠᠺᠠ ᠳ᠋ᠤ ᠪᠠᠶᠢᠷᠢᠯᠠᠬᠤ ᠡᠨᠡᠬᠦ ᠬᠢᠮᠢ ᠶᠢᠨ ᠦᠢᠯᠡᠳᠪᠦᠷᠢ ᠶᠢᠨ ᠺᠤᠮᠫᠠᠨᠢ  ᠭᠤᠤᠯᠲᠠᠭᠤ ᠬᠡᠪᠯᠡᠯ ᠲᠠᠷᠤᠮᠠᠯ ᠳ᠋ᠤ ᠬᠡᠷᠡᠭᠰᠡᠬᠦ ᠲᠠᠪᠠᠷᠬᠠᠢ ᠦᠢᠯᠡᠳᠪᠦᠷᠢᠯᠡᠨ ᠪᠤᠷᠤᠯᠠᠭᠤᠯᠲᠠᠭ᠃ ᠤᠰᠤᠯ ᠭᠠᠷᠤᠭᠰᠠᠨ ᠲᠤᠰ ᠦᠢᠯᠡᠳᠪᠦᠷᠢ 1000 ᠠᠵᠢᠯᠲᠠᠨ ᠲᠠᠢ ᠪᠦᠭᠡᠳ 24 ᠴᠠᠭ ᠤᠨ ᠲᠤᠷᠰᠢᠲᠡ ᠠᠵᠢᠯᠯᠠᠵᠤ ᠪᠠᠶᠢᠲᠠᠭ᠃ ᠦᠢᠯᠡᠳᠪᠦᠷᠢ ᠳ᠋ᠤ ᠴᠢᠯᠠᠭᠤᠨ ᠲᠤᠰᠤ ᠵᠡᠷᠭᠡ ᠬᠢᠯᠪᠡᠷ ᠨᠤᠴᠤᠬᠤ ᠰᠢᠩᠬᠡᠨ ᠪᠡᠶᠡᠲᠦ ᠬᠠᠲᠠᠭᠠᠯᠠᠭᠲᠠᠵᠤ ᠪᠤᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122044451