ᠤᠷᠤᠰ ᠤᠨ ᠲᠠᠮᠢᠷᠴᠢᠳ ᠤᠨ ᠪᠠᠭ ᠤᠨ ᠬᠢᠨ ᠢ ᠫᠢᠶᠧᠩᠼᠠᠩ ᠤᠨ ᠡᠪᠦᠯ ᠤᠨ ᠤᠯᠢᠮᠫᠢᠺ ᠲᠤ ᠤᠷᠤᠯᠴᠠᠭᠤᠯᠬᠤ ᠦᠭᠡᠢ ᠭᠡᠪᠡ 2017-12-06 13:23

    ᠰᠢᠨᠬᠤᠧᠠ ᠬᠤᠷᠢᠶ᠎ᠠ   ᠰᠸᠢᠰ ᠤᠨ ᠯᠤᠰᠠᠨ ᠤ 12 ᠰᠠᠷ᠎ᠠ ᠶᠢᠨ 5 ᠤ ᠡᠲᠦᠷ ᠤᠨ ᠴᠠᠬᠢᠯᠭᠠᠨ ᠮᠡᠲᠡᠭᠡ   5 ᠤ ᠡᠲᠦᠷ ᠤᠯᠠᠨ ᠤᠯᠤᠰ ᠤᠨ ᠤᠯᠢᠮᠫᠢᠺ ᠤᠨ ᠭᠦᠢᠴᠡᠳᠭᠡᠬᠦ ᠵᠦᠪᠯᠡᠯ ᠡᠴᠡ ᠰᠢᠢᠳᠪᠦᠷᠢ ᠭᠠᠷᠭᠠᠨ᠂ 2018 ᠤᠨ ᠳ᠋ᠤ ᠫᠢᠶᠧᠩᠼᠠᠩ ᠳ᠋ᠤ ᠶᠠᠪᠤᠭᠲᠠᠬᠤ ᠡᠪᠦᠯ ᠤᠨ ᠤᠯᠢᠮᠫᠢᠺ ᠲᠤ ᠤᠷᠤᠰ ᠤᠨ ᠲᠠᠮᠢᠷᠴᠢᠳ ᠤᠨ ᠪᠠᠭ ᠤᠨ ᠬᠢᠨ ᠢ ᠤᠷᠤᠯᠴᠠᠭᠤᠯᠬᠤ ᠦᠭᠡᠢ᠂ ᠨᠦᠬᠦᠴᠡᠯ ᠳ᠋ᠤ ᠬᠦᠷᠦᠭᠰᠡᠨ ᠲᠠᠮᠢᠷᠴᠢᠳ 《ᠤᠷᠤᠰ ᠡᠴᠡ ᠢᠷᠡᠭᠰᠡᠨ ᠤᠯᠢᠮᠫᠢᠺ ᠤᠨ ᠲᠠᠮᠢᠷᠴᠢᠳ(Olympic Athlete from Russia)》ᠤ᠋ᠨ ᠨᠡᠷ᠎ᠡ ᠶᠢᠨ ᠡᠮᠦᠨ᠎ᠡ ᠡᠴᠡ ᠬᠤᠪᠢ ᠬᠦᠮᠦᠨ ᠤ ᠪᠤᠶᠤ ᠪᠠᠭ ᠤᠨ ᠲᠡᠮᠡᠴᠡᠭᠡᠨ ᠳ᠋ᠤ ᠤᠷᠤᠯᠴᠠᠵᠤ ᠪᠤᠯᠤᠨ᠎ᠠ᠂ ᠶᠠᠮᠠᠷ ᠴᠤ ᠬᠡᠯᠪᠡᠷᠢ ᠪᠡᠷ ᠤᠷᠤᠰ ᠤᠨ ᠤᠯᠤᠰ ᠤᠨ ᠲᠤᠭ ᠪᠠ ᠤᠯᠤᠰ ᠤᠨ ᠰᠦᠯᠲᠠ ᠲᠠᠭᠤᠤ ᠶᠢ ᠢᠯᠡᠷᠡᠬᠦᠯᠵᠦ ᠪᠤᠯᠬᠤ ᠦᠭᠡᠢ ᠭᠡᠵᠡᠢ᠃

    ᠮᠦᠨ ᠲᠤᠬᠠᠢ ᠶᠢᠨ ᠡᠲᠦᠷ ᠤᠯᠠᠨ ᠤᠯᠤᠰ ᠤᠨ ᠤᠯᠢᠮᠫᠢᠺ ᠤᠨ ᠭᠦᠢᠴᠡᠳᠭᠡᠬᠦ ᠵᠦᠪᠯᠡᠯ ᠡᠴᠡ ᠤᠷᠤᠰ ᠤᠨ ᠰᠤᠴᠢ ᠶᠢᠨ ᠡᠪᠦᠯ ᠤᠨ ᠤᠯᠢᠮᠫᠢᠺ ᠤᠨ ᠬᠤᠭᠤᠴᠠᠭᠠᠨ ᠳ᠋ᠤ ᠰᠢᠰᠲ᠋ᠧᠮᠲᠤ ᠴᠢᠨᠠᠷ ᠪᠦᠬᠦᠢ ᠬᠦᠭᠡᠷᠡᠬᠦᠯᠦᠭᠴᠢ ᠬᠡᠷᠡᠭᠯᠡᠭᠰᠡᠨ ᠪᠠᠶᠢᠲᠠᠯ ᠤᠨ ᠲᠤᠬᠠᠢ ᠮᠡᠲᠡᠬᠦᠯᠦᠯᠲᠡ ᠶᠢ ᠶᠠᠷᠢᠯᠴᠠᠪᠠ᠃

    ᠡᠭᠦᠨ ᠡᠴᠡ ᠭᠠᠲᠠᠨ᠎ᠠ ᠤᠷᠤᠰ ᠤᠨ ᠪᠠᠶ᠎ᠠ ᠶᠢᠨ ᠲᠠᠮᠢᠷ ᠤᠨ ᠶᠠᠮᠤᠨ ᠤ ᠠᠯᠪᠠᠨ ᠲᠤᠰᠢᠶᠠᠯᠲᠠᠨ ᠢ ᠫᠢᠶᠧᠩᠼᠠᠩ ᠤᠨ ᠡᠪᠦᠯ ᠤᠨ ᠤᠯᠢᠮᠫᠢᠺ ᠲᠤ ᠤᠷᠤᠯᠴᠠᠭᠤᠯᠬᠤ ᠦᠭᠡᠢ᠃ ᠤᠷᠤᠰ ᠤᠨ ᠤᠯᠢᠮᠫᠢᠺ ᠤᠨ ᠵᠦᠪᠯᠡᠯ ᠤᠨ ᠲᠠᠷᠢᠬᠦᠯᠡᠭᠴᠢ ᠶᠢᠨ ᠤᠯᠠᠨ ᠤᠯᠤᠰ ᠤᠨ ᠤᠯᠢᠮᠫᠢᠺ ᠤᠨ ᠵᠦᠪᠯᠡᠯ ᠤᠨ ᠭᠡᠰᠢᠬᠦᠨ ᠤ ᠲᠤᠰᠢᠶᠠᠯ ᠢ ᠲᠦᠷ ᠵᠤᠭᠰᠤᠭᠠᠨ᠎ᠠ ᠭᠡᠵᠡᠢ᠃

    ᠤᠶᠢᠯᠠᠭᠠᠭᠰᠠᠨ ᠶᠢᠡᠷ᠂ ᠫᠢᠶᠧᠩᠼᠠᠩ ᠤᠨ ᠡᠪᠦᠯ ᠤᠨ ᠤᠯᠢᠮᠫᠢᠺ ᠲᠤ ᠤᠷᠢᠭᠲᠠᠨ ᠤᠷᠤᠯᠴᠠᠬᠤ ᠤᠷᠤᠰ ᠤᠨ ᠲᠠᠮᠢᠷᠴᠢᠳ ᠤᠨ ᠬᠢᠷᠢ ᠬᠡᠮ ᠢ ᠲᠤᠭᠲᠠᠭᠠᠬᠤ ᠠᠵᠢᠯ ᠢ ᠵᠦᠪᠯᠡᠯ ᠤᠨ ᠬᠤᠷᠠᠯ ᠡᠴᠡ ᠲᠤᠭᠲᠠᠭᠠᠬᠤ ᠪᠦᠭᠡᠳ ᠲᠠᠮᠢᠷᠴᠢᠳ ᠲᠤᠰ ᠲᠦᠷᠦᠯ ᠤᠨ ᠲᠡᠮᠡᠴᠡᠭᠡᠨ ᠤ ᠪᠠᠨ ᠰᠢᠯᠭᠠᠷᠠᠭᠤᠯᠬᠤ ᠪᠠᠷᠢᠮᠵᠢᠶᠠᠨ ᠳ᠋ᠤ ᠬᠦᠷᠴᠦ ᠬᠦᠭᠡᠷᠡᠬᠦᠯᠦᠭᠴᠢ ᠬᠡᠷᠡᠭᠯᠡᠭᠰᠡᠨ ᠦᠭᠡᠢ ᠪᠠᠶᠢᠬᠤ ᠬᠡᠷᠡᠭᠲᠡᠢ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701122066364