蒙古文网站Logo
ᠰᠢᠨᠬᠤᠸᠠ ᠮᠤᠩᠭ᠋ᠤᠯ ᠨᠧᠲ

ᠠᠦ᠋ᠰᠲ᠋ᠷᠢᠶ᠎ᠠ ᠶᠢᠨ ᠪᠠᠶᠢᠭᠠᠯᠢ ᠶᠢᠨ ᠰᠢᠲᠠᠮᠠᠬᠠᠢ ᠬᠡᠢ ᠶᠢ ᠲᠠᠮᠵᠢᠭᠤᠯᠬᠤ ᠦᠷᠲᠡᠭᠡᠨ ᠳ᠋ᠤ ᠲᠡᠯᠪᠡᠷᠡᠯᠲᠡ ᠡᠭᠦᠰᠪᠡ

2017-12-13 16:17

12 ᠰᠠᠷ᠎ᠠ ᠶᠢᠨ 12 ᠤᠨ ᠡᠲᠦᠷ᠂ ᠠᠦ᠋ᠰᠲ᠋ᠷᠢᠶ᠎ᠠ ᠶᠢᠨ ᠨᠡᠶᠢᠰᠯᠡᠯ ᠸᠢᠶᠧᠨᠠ ᠡᠴᠡ ᠵᠡᠭᠦᠨᠰᠢ ᠰᠯᠤᠧᠠᠺᠢᠶ᠎ᠠ ᠶᠢᠨ ᠤᠶᠢᠷᠠᠯᠴᠠᠭᠠᠬᠢ ᠪᠤᠮᠭᠠᠷᠲ᠋ᠧᠠ ᠪᠠᠶᠢᠭᠠᠯᠢ ᠶᠢᠨ ᠰᠢᠲᠠᠮᠠᠬᠠᠢ ᠬᠡᠢ ᠲᠠᠮᠵᠢᠭᠤᠯᠬᠤ ᠦᠷᠲᠡᠭᠡ ᠲᠡᠯᠪᠡᠷᠡᠪᠡ᠃ ᠲᠤᠬᠠᠢ ᠶᠢᠨ ᠤᠷᠤᠨ ᠳᠤ ᠠᠪᠤᠷᠠᠨ ᠲᠤᠰᠠᠯᠠᠵᠤ ᠪᠠᠶᠢᠭ᠎ᠠ ᠬᠦᠮᠦᠰ ᠤᠨ ᠬᠡᠯᠡᠬᠦ ᠪᠡᠷ᠂ ᠲᠡᠯᠪᠡᠷᠡᠯᠲᠡ ᠳ᠋ᠤ 1 ᠬᠦᠮᠦᠨ ᠡᠨᠳᠡᠵᠦ᠂ 21 ᠬᠦᠮᠦᠨ ᠰᠢᠷᠬᠠᠲᠤᠪᠠ᠃ ᠪᠤᠮᠭᠠᠷᠲ᠋ᠧᠠ ᠪᠠᠶᠢᠭᠠᠯᠢ ᠶᠢᠨ ᠰᠢᠲᠠᠮᠠᠬᠠᠢ ᠬᠡᠢ ᠶᠢ ᠲᠠᠮᠵᠢᠭᠤᠯᠬᠤ ᠦᠷᠲᠡᠭᠡ ᠪᠤᠯ ᠠᠦ᠋ᠰᠲ᠋ᠷᠢᠶ᠎ᠠ ᠶᠢᠨ ᠬᠠᠮᠤᠭ ᠤᠨ ᠲᠤᠮᠤ ᠪᠠᠶᠢᠭᠠᠯᠢ ᠶᠢᠨ ᠰᠢᠲᠠᠮᠠᠬᠠᠢ ᠬᠡᠢ ᠶᠢ ᠲᠠᠮᠵᠢᠭᠤᠯᠬᠤ ᠦᠷᠲᠡᠭᠡ ᠪᠤᠯᠤᠨ᠎ᠠ᠃ ᠤᠷᠤᠰ ᠪᠠ ᠨᠤᠷᠧᠠᠢ ᠵᠡᠷᠭᠡ ᠤᠯᠤᠰ ᠡᠴᠡ ᠤᠷᠤᠭᠤᠯᠤᠭᠰᠠᠨ ᠪᠠᠶᠢᠭᠠᠯᠢ ᠶᠢᠨ ᠰᠢᠲᠠᠮᠠᠬᠠᠢ ᠬᠡᠢ ᠪᠦᠷ ᠡᠭᠦᠨ ᠶᠢᠡᠷ ᠦᠩᠭᠡᠷᠡᠵᠦ ᠲᠠᠬᠢᠨ ᠠᠦ᠋ᠰᠲ᠋ᠷᠢᠶ᠎ᠠ ᠵᠡᠷᠭᠡ ᠪᠤᠰᠤᠳ ᠭᠠᠵᠠᠷ ᠬᠦᠷᠲᠡᠭ  ᠶᠤᠮ ᠪᠠᠶᠢᠨ᠎ᠠ᠃ (ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠭᠴᠢ ᠫᠠᠨ ᠰᠢᠦᠢ )

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122105622