ᠺᠤᠷᠢᠶᠠ ᠶᠢᠨ ᠪᠠᠶᠢᠴᠠᠭᠠᠬᠤ ᠲᠠᠯ᠎ᠠ ᠶᠢᠨ ᠬᠢᠨ 《ᠰᠢᠲᠠᠷ ᠢᠲᠡᠭᠡᠯᠲᠡᠨ ᠲᠦᠷᠦ ᠳ᠋ᠤ ᠭᠠᠷ ᠲᠦᠷᠦᠭᠰᠡᠨ ᠬᠡᠷᠡᠭ》 ᠤᠨ ᠭᠤᠤᠯ ᠬᠡᠷᠡᠭᠲᠡᠨ ᠢ 25 ᠵᠢᠯ ᠬᠤᠷᠢᠬᠤ ᠪᠡᠷ ᠰᠠᠨᠠᠭᠤᠯᠭ᠎ᠠ ᠲᠡᠪᠰᠢᠬᠦᠯᠪᠡ 2017-12-15 13:33

    ᠰᠢᠨᠬᠤᠧᠠ ᠬᠤᠷᠢᠶ᠎ᠠ   ᠰᠧᠦ᠋ᠯ ᠤᠨ 12 ᠰᠠᠷ᠎ᠠ ᠶᠢᠨ 14 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠦ ᠿᠦᠢ᠂ ᠭ᠍ᠧᠩ ᠰᠢᠤᠧᠠᠢ ᠫᠧᠩ ) 14 ᠤ ᠡᠲᠦᠷ ᠺᠤᠷᠢᠶᠠ ᠶᠢᠨ ᠪᠠᠶᠢᠴᠠᠭᠠᠬᠤ ᠲᠠᠯ᠎ᠠ ᠶᠢᠨ ᠬᠢᠨ ᠰᠧᠦ᠋ᠯ ᠤᠨ ᠲᠦᠪ ᠤᠨ ᠤᠷᠤᠨ ᠨᠤᠲᠤᠭ ᠤᠨ ᠰᠢᠬᠦᠬᠦ ᠬᠤᠷᠢᠶᠠᠨ ᠳ᠋ᠤ《ᠰᠢᠲᠠᠷ ᠢᠲᠡᠭᠡᠯᠲᠡᠨ ᠲᠦᠷᠦ ᠳ᠋ᠤ ᠭᠠᠷ ᠲᠦᠷᠦᠭᠰᠡᠨ ᠬᠡᠷᠡᠭ》 ᠤᠨ ᠭᠤᠤᠯ ᠬᠡᠷᠡᠭᠲᠡᠨ ᠼᠦᠢ ᠰᠦᠨ ᠰᠢᠯ ᠢ ᠡᠷᠬᠡ ᠪᠠᠨ ᠲᠤᠷᠠᠪᠡᠷ ᠬᠡᠷᠡᠭᠯᠡᠭᠰᠡᠨ ᠵᠡᠷᠭᠡ ᠬᠡᠷᠡᠭ ᠶᠢᠡᠷ 25 ᠵᠢᠯ ᠬᠤᠷᠢᠬᠤ ᠰᠠᠨᠠᠭᠤᠯᠭ᠎ᠠ ᠲᠡᠪᠰᠢᠬᠦᠯᠪᠡ᠃

    ᠲᠤᠬᠠᠢ ᠶᠢᠨ ᠤᠷᠤᠨ ᠤ ᠬᠡᠪᠯᠡᠯ ᠮᠡᠲᠡᠭᠡᠯᠡᠯ ᠤᠨ ᠬᠢᠨ ᠤ ᠮᠡᠲᠡᠭᠡᠯᠡᠭᠰᠡᠨ ᠢ ᠦᠨᠳᠦᠰᠦᠯᠡᠪᠡᠯ ᠲᠤᠬᠠᠢ ᠶᠢᠨ ᠡᠲᠦᠷ ᠪᠤᠯᠤᠭᠰᠠᠨ ᠨᠢᠭᠡᠲᠦᠭᠡᠷ ᠰᠢᠬᠦᠯᠲᠡ ᠳ᠋ᠤ ᠪᠠᠶᠢᠴᠠᠭᠠᠬᠤ ᠬᠤᠷᠢᠶ᠎ᠠ ᠡᠴᠡ ᠼᠦᠢ ᠰᠦᠨ ᠰᠢᠯ ᠢ 1185 ᠳ᠋ᠦᠩᠰᠢᠭᠤᠷ ᠸᠤᠨ ( ᠠᠷᠠᠳ ᠤᠨ ᠵᠤᠭᠤᠰ ᠶᠢᠡᠷ 7.11 ᠳ᠋ᠦᠩᠰᠢᠭᠤᠷ ) ᠢ᠋ᠶᠡᠷ ᠲᠤᠷᠭᠤᠨ᠂ ᠶᠠᠯᠠᠲᠤ ᠠᠵᠢᠯᠯᠠᠭ᠎ᠠ ᠳ᠋ᠤ ᠬᠤᠯᠪᠤᠭᠲᠠᠭᠰᠠᠨ 77.97 ᠳ᠋ᠦᠩᠰᠢᠭᠤᠷ ᠸᠤᠨ ( 4680 ᠲᠦᠮᠡᠨ ᠲᠦᠭᠦᠷᠢᠭ᠌ ) ᠢ᠋ ᠨᠡᠬᠡᠮᠵᠢᠯᠡᠨ ᠬᠤᠷᠢᠶᠠᠬᠤ ᠰᠠᠨᠠᠭᠤᠯᠭ᠎ᠠ ᠶᠢ ᠰᠢᠬᠦᠬᠦ ᠬᠤᠷᠢᠶᠠᠨ ᠳ᠋ᠤ ᠲᠡᠪᠰᠢᠬᠦᠯᠬᠦ ᠪᠡᠷ ᠪᠠᠶᠢᠪᠠ ᠭᠡᠵᠡᠢ᠃

    ᠼᠦᠢ ᠰᠦᠨ ᠰᠢᠯ ᠤᠤᠯ ᠤᠨ ᠶᠡᠷᠦᠩᠬᠡᠶᠢᠯᠡᠭᠴᠢ ᠫᠠᠭ ᠵᠦᠨ ᠡᠾᠢ ᠯᠤᠭ᠎᠎ᠠ ᠶᠢᠨ ᠲᠤᠲᠤᠨᠤ ᠬᠠᠷᠢᠯᠴᠠᠭ᠎ᠠ ᠪᠠᠨ ᠠᠰᠢᠭᠯᠠᠵᠤ ᠵᠠᠰᠠᠭ ᠤᠨ ᠭᠠᠵᠠᠷ ᠤᠨ ᠵᠤᠬᠢᠶᠠᠨ ᠪᠠᠶᠢᠭᠤᠯᠤᠯᠲᠠ ᠪᠠ ᠢᠷᠭᠡᠳ ᠤᠨ ᠠᠵᠤ ᠠᠬᠤᠶᠢᠯᠠᠯ ᠤᠨ ᠲᠤᠭᠲᠠᠯᠴᠠᠭ᠎ᠠ ᠶᠢ ᠡᠪᠲᠡᠵᠦ᠂ ᠲᠦᠷᠦ ᠶᠢᠨ ᠬᠡᠷᠡᠭ ᠲᠤ ᠭᠠᠷ ᠲᠦᠷᠦᠭᠰᠡᠨ ᠶᠢᠡᠷ ᠺᠤᠷᠢᠶᠠ ᠶᠢᠨ ᠲᠡᠦᠬᠡᠨ ᠳ᠋ᠡᠬᠢ ᠠᠩᠬᠠᠲᠠᠭᠴᠢ ᠶᠡᠷᠦᠩᠬᠡᠶᠢᠯᠡᠭᠴᠢ ᠤᠭᠴᠠᠷᠠᠭᠤᠯᠤᠭᠲᠠᠭᠰᠠᠨ ᠬᠡᠷᠡᠭ ᠢ ᠡᠭᠦᠰᠭᠡᠭ᠍ᠰᠡᠨ ᠶᠤᠮ ᠭᠡᠵᠦ ᠪᠠᠶᠢᠴᠠᠭᠠᠬᠤ ᠲᠠᠯ᠎ᠠ ᠡᠴᠡ ᠵᠢᠭᠠᠵᠤ ᠭᠠᠷᠭᠠᠪᠠ᠃

    ᠪᠠᠶᠢᠴᠠᠭᠠᠬᠤ ᠬᠤᠷᠢᠶᠠᠨ ᠤ ᠡᠴᠦᠰ ᠤᠨ ᠰᠢᠬᠦᠯᠲᠡ ᠶᠢᠨ ᠰᠢᠢᠳᠪᠦᠷᠢ ᠶᠢ 2 ᠡᠴᠡ 3 ᠭᠠᠷᠠᠭ ᠤᠨ ᠲᠠᠷᠠᠭ᠎ᠠ ᠨᠡᠶᠢᠲᠡᠯᠡᠬᠦ ᠪᠤᠯᠤᠨ᠎ᠠ᠂ ᠬᠠᠮᠤᠭ ᠤᠨ ᠤᠷᠤᠢ ᠳ᠋ᠠᠭᠠᠨ ᠢᠷᠡᠬᠦ ᠵᠢᠯ ᠤᠨ 1 ᠰᠠᠷ᠎ᠠ ᠶᠢᠨ ᠲᠤᠮᠲᠠᠴᠢ ᠶᠢ ᠬᠡᠲᠦᠷᠡᠬᠦ ᠦᠭᠡᠢ᠃

    ᠦᠩᠭᠡᠷᠡᠭᠰᠡᠨ ᠵᠢᠯ ᠤᠨ 11 ᠰᠠᠷ᠎ᠠ ᠳ᠋ᠤ ᠪᠠᠶᠢᠴᠠᠭᠠᠬᠤ ᠲᠠᠯ᠎ᠠ ᠡᠴᠡ ᠼᠦᠢ ᠰᠦᠨ ᠰᠢᠯ ᠢ 18 ᠶᠠᠯ᠎ᠠ ᠳ᠋ᠤ ᠬᠤᠯᠪᠤᠭᠲᠠᠭᠰᠠᠨ ᠭᠡᠮᠡᠨ ᠵᠠᠭᠠᠯᠲᠤᠵᠤ᠂ ᠡᠭᠦᠨ ᠳ᠋ᠤ 13 ᠶᠠᠯ᠎ᠠ ᠨᠢ ᠫᠠᠬ ᠵᠦᠨ ᠡᠾᠢ ᠲᠠᠢ ᠬᠤᠤᠪᠢᠯᠲᠤᠭᠰᠠᠨ ᠶᠠᠯ᠎ᠠ ᠪᠠᠶᠢᠪᠠ᠃ ᠲᠤᠶᠢᠮᠤᠴᠢᠳ ᠤᠨ ᠦᠵᠡᠬᠦ ᠪᠡᠷ ᠼᠦᠢ ᠰᠦᠨ ᠰᠢᠯ ᠤᠨ ᠶᠠᠯ᠎ᠠ ᠶᠢ ᠰᠢᠳᠭᠡᠬᠦ ᠨᠢ ᠫᠠᠭ ᠵᠦᠨ ᠡᠾᠢ ᠶᠢᠨ ᠬᠡᠷᠡᠭ ᠢ ᠰᠢᠬᠦᠨ ᠲᠠᠰᠤᠯᠬᠤ ᠶᠢ ᠰᠢᠭᠤᠳ ᠨᠦᠯᠦᠭᠡᠯᠡᠬᠦ ᠶᠤᠮ ᠪᠠᠶᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701122116607