ᠺᠤᠷᠢᠶᠠ ᠶᠢᠨ ᠨᠢᠭᠡ ᠰᠫᠤᠷᠲ ᠤᠨ ᠲᠦᠪ ᠲᠤ ᠭᠠᠯ ᠭᠠᠷᠴᠤ 29 ᠬᠦᠮᠦᠨ ᠠᠮᠢ ᠪᠠᠨ ᠠᠯᠲᠠᠪᠠ 2017-12-22 11:28

    ᠰᠢᠨᠬᠤᠧᠠ ᠬᠤᠷᠢᠶ᠎ᠠ   ᠰᠧᠦ᠋ᠯ ᠤᠨ 12 ᠰᠠᠷ᠎ᠠ ᠶᠢᠨ 21 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠶᠤᠤ ᠴᠢ ᠯᠢᠨ᠂ ᠯᠦ ᠿᠦᠢ ) 21 ᠤ ᠤᠷᠤᠢ ᠺᠤᠷᠢᠶᠠ ᠶᠢᠨ ᠭᠠᠯ ᠤᠨᠲᠠᠷᠠᠭᠠᠬᠤ ᠰᠠᠯᠠᠭ᠎ᠠ ᠮᠦᠴᠢᠷ ᠤᠨ ᠬᠢᠨ ᠬᠡᠯᠡᠬᠦ ᠳ᠋ᠡᠭᠡᠨ᠂ ᠲᠤᠬᠠᠢ ᠶᠢᠨ ᠡᠲᠦᠷ ᠼᠦᠩᠼᠧᠩ ᠪᠦᠺᠳᠤ᠋ ᠶᠢᠨ ᠨᠢᠭᠡ ᠰᠫᠤᠷᠲ ᠤᠨ ᠲᠦᠪ ᠲᠤ ᠭᠠᠯ ᠭᠠᠷᠴᠤ 29 ᠬᠦᠮᠦᠨ ᠠᠮᠢ ᠪᠠᠨ ᠠᠯᠲᠠᠭᠰᠠᠨ ᠭᠡᠵᠡᠢ᠃ ᠤᠲᠤᠬᠠᠨ ᠳ᠋ᠤ ᠭᠠᠯ ᠢ ᠨᠢᠭᠡᠨᠲᠡ ᠤᠨᠲᠠᠷᠠᠭᠠᠪᠠ᠃ 29 ᠠᠮᠢ ᠪᠠᠨ ᠠᠯᠲᠠᠭᠰᠠᠳ ᠤᠨ 20 ᠬᠦᠮᠦᠨ ᠨᠢ ᠬᠤᠶᠠᠲᠤᠭᠠᠷ ᠲᠠᠪᠬᠤᠷᠭ᠎ᠠ ᠶᠢᠨ ᠤᠬᠢᠶᠠᠯᠭ᠎ᠠ ᠶᠢᠨ ᠲᠠᠰᠤᠭ ᠲᠤ ᠪᠠᠶᠢᠵᠠᠢ᠂ ᠪᠠᠰᠠ 26 ᠰᠢᠷᠬᠠᠲᠤᠭᠰᠠᠳ ᠢ ᠡᠮᠨᠡᠯᠭᠡ ᠳ᠋ᠤ ᠬᠦᠷᠬᠡᠨ ᠡᠮᠴᠢᠯᠡᠬᠦᠯᠵᠦ ᠪᠠᠶᠢᠨ᠎ᠠ᠃

    ᠺᠤᠷᠢᠶᠠ ᠶᠢᠨ ᠬᠤᠯᠪᠤᠭᠠᠲᠤ ᠮᠡᠲᠡᠭᠡᠯᠡᠯ ᠤᠨ ᠬᠤᠷᠢᠶᠠᠨ ᠤ ᠮᠡᠲᠡᠭᠡᠯᠡᠭᠰᠡᠨ ᠢ ᠦᠨᠳᠦᠰᠦᠯᠡᠪᠡᠯ᠂ ᠡᠨᠡᠬᠦ ᠭᠠᠯ ᠤᠨ ᠠᠶᠤᠯ ᠨᠢ ᠨᠢᠭᠡᠲᠦᠭᠡᠷ ᠲᠠᠪᠬᠤᠷᠭ᠎ᠠ ᠡᠴᠡ ᠡᠬᠢᠯᠡᠨ ᠦᠷᠪᠢᠰᠴᠦ᠂ ᠠᠰᠠᠷ ᠤᠨ ᠬᠤᠩᠬᠢᠯ ᠶᠢᠡᠷ ᠲᠠᠮᠵᠢᠨ ᠪᠦᠬᠦᠶᠢᠯᠡ ᠠᠰᠠᠷ ᠢ ᠰᠢᠲᠠᠭᠠᠪᠠ᠃ ᠮᠡᠲᠡᠭᠡᠯᠡᠭᠰᠡᠨ ᠢ ᠦᠨᠳᠦᠰᠦᠯᠡᠪᠡᠯ ᠲᠤᠰ ᠰᠫᠤᠷᠲ ᠤᠨ ᠲᠦᠪ ᠨᠢᠭᠡ ᠯᠡ ᠭᠠᠷᠴᠠ ᠲᠠᠢ᠂ ᠠᠮᠢ ᠵᠤᠯᠪᠠᠬᠤ ᠳ᠋ᠤ ᠬᠡᠴᠡᠬᠦᠦ᠂ ᠡᠭᠦᠨ ᠡᠴᠡ ᠭᠠᠲᠠᠨ᠎ᠠ ᠭᠠᠯ ᠭᠠᠷᠤᠭᠰᠠᠨ ᠤ ᠲᠠᠷᠠᠭ᠎ᠠ ᠪᠠᠷᠢᠯᠭ᠎ᠠ ᠳ᠋ᠤ ᠬᠡᠷᠡᠭᠯᠡᠭᠰᠡᠨ ᠮᠠᠲ᠋ᠧᠷᠢᠶᠠᠯ ᠶᠡᠬᠡ ᠬᠡᠮᠵᠢᠶᠠᠨ ᠤ ᠬᠤᠤᠷᠠᠲᠤ ᠬᠡᠢ ᠢᠯᠭᠠᠷᠠᠭᠤᠯᠤᠭᠰᠠᠨ ᠡᠴᠡ ᠬᠦᠮᠦᠨ ᠬᠠᠷ᠎ᠠ ᠡᠨᠳᠡᠵᠦ ᠰᠢᠷᠬᠠᠲᠤᠭᠰᠠᠨ ᠭᠤᠤᠯ ᠰᠢᠯᠲᠠᠭᠠᠨ ᠪᠤᠯᠪᠠ ᠭᠡᠵᠡᠢ᠃

    ᠤᠲᠤᠬᠠᠨ ᠳ᠋ᠤ ᠠᠪᠤᠷᠠᠨ ᠲᠤᠰᠠᠯᠠᠬᠤ ᠠᠵᠢᠯ ᠶᠠᠭ ᠶᠠᠪᠤᠭᠲᠠᠵᠤ ᠪᠠᠶᠢᠨ᠎ᠠ᠂ ᠡᠨᠳᠡᠭᠰᠡᠳ ᠤᠨ ᠲᠤᠭ᠎ᠠ ᠪᠠᠰᠠ ᠨᠡᠮᠡᠭᠲᠡᠬᠦ ᠬᠠᠨᠲᠤᠰᠢ ᠲᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701122152018