ᠡᠸᠦ᠋ᠷᠦᠫᠠ ᠶᠢᠨ ᠬᠤᠯᠪᠤᠭᠠᠨ ᠡᠴᠡ ᠤᠷᠤᠰ ᠲᠤ ᠦᠵᠡᠬᠦᠯᠬᠦ ᠡᠳ᠋ ᠤᠨ ᠵᠠᠰᠠᠭ ᠤᠨ ᠵᠠᠯᠬᠠᠭᠠᠯ ᠶᠢᠡᠨ 6 ᠰᠠᠷ᠎ᠠ ᠤᠷᠲᠤᠳᠬᠠᠬᠤ ᠪᠡᠷ ᠪᠠᠶᠢᠨ᠎ᠠ 2017-12-22 11:30

    ᠰᠢᠨᠬᠤᠧᠠ ᠬᠤᠷᠢᠶ᠎ᠠ   ᠪᠷᠦ᠋ᠰᠧᠯ ᠤᠨ 12 ᠰᠠᠷ᠎ᠠ ᠶᠢᠨ 21 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠲᠢᠶᠠᠨ ᠳ᠋ᠦᠩ ᠳ᠋ᠦᠩ ) 21 ᠤ ᠡᠲᠦᠷ ᠡᠸᠦ᠋ᠷᠦᠫᠠ ᠶᠢᠨ ᠬᠤᠯᠪᠤᠭᠠᠨ ᠤ ᠬᠡᠷᠡᠭ ᠮᠡᠲᠡᠭᠴᠢᠳ ᠤᠨ ᠬᠤᠷᠠᠯ ᠡᠴᠡ ᠤᠷᠤᠰ ᠲᠤ ᠦᠵᠡᠬᠦᠯᠬᠦ ᠡᠳ᠋ ᠤᠨ ᠵᠠᠰᠠᠭ ᠤᠨ ᠵᠠᠯᠬᠠᠭᠠᠯ ᠤᠨ ᠬᠤᠭᠤᠴᠠᠭ᠎ᠠ ᠪᠠᠨ 6 ᠰᠠᠷ᠎ᠠ ᠪᠤᠯᠭᠠᠨ ᠤᠷᠲᠤᠳᠬᠠᠪᠠ᠂ ᠲᠠᠷᠤᠢ 2018 ᠤᠨ ᠤ 7 ᠰᠠᠷ᠎ᠠ ᠶᠢᠨ 31 ᠤ ᠡᠲᠦᠷ ᠪᠤᠯᠤᠨ᠎ᠠ᠃

    ᠲᠤᠬᠠᠢ ᠶᠢᠨ ᠡᠲᠦᠷ ᠢᠯᠡᠷᠬᠡᠶᠢᠯᠡᠯᠲᠡ ᠨᠡᠶᠢᠲᠡᠯᠡᠵᠦ ᠬᠡᠯᠡᠬᠦ ᠳ᠋ᠡᠭᠡᠨ᠂ ᠲᠤᠰ ᠰᠠᠷ᠎ᠠ ᠶᠢᠨ 14 ᠤ ᠡᠲᠦᠷ ᠤᠨ ᠧᠦ᠋ᠷᠦᠫᠠ ᠶᠢᠨ ᠬᠤᠯᠪᠤᠭᠠᠨ ᠤ ᠲᠦᠷᠦᠭᠦᠴᠤᠳ ᠤᠨ ᠬᠤᠷᠠᠯ ᠲᠡᠭᠡᠷ᠎ᠡ ᠹᠷᠠᠨᠼᠢ ᠶᠢᠨ ᠶᠡᠷᠦᠩᠬᠡᠶᠢᠯᠡᠭᠴᠢ ᠮᠠᠺᠷᠤᠨ ᠪᠠ ᠭ᠍ᠸᠷᠮᠠᠨ ᠤ ᠶᠡᠷᠦᠩᠬᠡᠶᠢᠯᠡᠭᠴᠢ ᠮᠸᠷᠺᠧᠯ ᠡᠴᠡ ᠤᠷᠤᠰ ᠤᠨ ᠲᠠᠯ᠎ᠠ ᠶᠢᠨ ᠬᠢᠨ ᠤ ᠮᠢᠨᠰᠺ ᠤᠨ ᠬᠡᠯᠡᠯᠴᠡᠭᠡᠷ ᠢ ᠬᠡᠷᠡᠭᠵᠢᠬᠦᠯᠦᠭᠰᠡᠨ ᠪᠠᠶᠢᠲᠠᠯ ᠤᠨ ᠲᠤᠬᠠᠢ ᠲᠠᠨᠢᠯᠴᠠᠭᠤᠯᠪᠠ᠃ ᠤᠷᠤᠰ ᠲᠤᠰ ᠬᠡᠯᠡᠯᠴᠡᠭᠡᠷ ᠢ ᠦᠷ᠎ᠠ ᠪᠦᠲᠦᠮᠵᠢᠲᠠᠢ ᠬᠡᠷᠡᠭᠵᠢᠬᠦᠯᠦᠭᠰᠡᠨ ᠦᠭᠡᠢ ᠪᠤᠯᠬᠤᠷ 21 ᠤ ᠡᠲᠦᠷ ᠧᠦ᠋ᠷᠦᠫᠠ ᠶᠢᠨ ᠬᠤᠯᠪᠤᠭᠠᠨ ᠤ ᠬᠡᠷᠡᠭ ᠮᠡᠲᠡᠭᠴᠢᠳ ᠤᠨ ᠬᠤᠷᠠᠯ ᠡᠴᠡ ᠤᠷᠤᠰ ᠲᠤ ᠦᠵᠡᠬᠦᠯᠬᠦ ᠡᠳ᠋ ᠤᠨ ᠵᠠᠰᠠᠭ ᠤᠨ ᠵᠠᠯᠬᠠᠭᠠᠯ ᠶᠢᠡᠨ 6 ᠰᠠᠷ᠎ᠠ ᠤᠷᠲᠤᠳᠬᠠᠪᠠ᠃

    2014 ᠤᠨ ᠤ 7 ᠰᠠᠷ᠎ᠠ ᠳ᠋ᠤ ᠧᠦ᠋ᠷᠦᠫᠠ ᠶᠢᠨ ᠬᠤᠯᠪᠤᠭ᠎ᠠ ᠤᠷᠤᠰ ᠲᠤ《ᠦᠺᠷᠠᠶᠢᠨ ᠤ ᠵᠡᠬᠦᠨ ᠪᠦᠰᠡ ᠨᠤᠲᠤᠭ ᠢ ᠲᠤᠭᠲᠠᠭᠤᠨ ᠪᠤᠰᠤ 》ᠪᠤᠯᠭᠠᠭᠰᠠᠨ ᠬᠡᠮᠡᠨ ᠡᠳ᠋ ᠤᠨ ᠵᠠᠰᠠᠭ ᠤᠨ ᠵᠠᠯᠬᠠᠭᠠᠯ ᠶᠠᠪᠤᠭᠤᠯᠪᠠ᠃ ᠡᠭᠦᠨ ᠤ ᠲᠠᠷᠠᠭ᠎ᠠ ᠪᠡᠷ ᠮᠦᠨ ᠤᠨ ᠤ 9 ᠰᠠᠷ᠎ᠠ ᠳ᠋ᠤ ᠬᠦᠷᠢᠶ᠎ᠠ ᠬᠡᠪᠴᠢᠶ᠎ᠠ ᠪᠠᠨ ᠲᠡᠯᠡᠪᠡ᠃ ᠤᠷᠤᠰ ᠧᠦ᠋ᠷᠦᠫᠠ ᠶᠢᠨ ᠬᠤᠯᠪᠤᠭᠠᠨ ᠤ ᠬᠦᠨᠡᠰᠦᠨ ᠤ ᠪᠦᠲᠦᠭᠡᠭ᠍ᠲᠡᠬᠦᠨ ᠢ ᠬᠢᠵᠠᠭᠠᠷᠯᠠᠬᠤ ᠵᠡᠷᠭᠡ ᠬᠠᠷᠢᠭᠤ ᠠᠷᠭ᠎ᠠ ᠬᠡᠮᠵᠢᠶ᠎ᠠ ᠠᠪᠤᠪᠠ᠃

    ᠮᠢᠨᠰᠺ ᠤᠨ ᠬᠡᠯᠡᠯᠴᠡᠭᠡᠷ  ᠨᠢ ᠭᠤᠤᠯᠲᠠᠭᠤ ᠦᠺᠷᠡᠶᠢᠨ ᠤ ᠵᠡᠬᠦᠨ ᠪᠦᠰᠡ ᠨᠤᠲᠤᠭ ᠤᠨ ᠲᠠᠶᠢᠲᠤᠬᠤ ᠶᠢ ᠵᠤᠭᠰᠤᠭᠠᠬᠤ ᠪᠡᠷ ᠭ᠍ᠧᠷᠮᠠᠨ᠂ ᠤᠷᠤᠰ᠂ ᠹᠷᠠᠨᠼᠢ᠂ ᠦᠺᠷᠠᠶᠢᠨ ᠵᠡᠷᠭᠡ ᠲᠦᠷᠪᠡᠨ ᠤᠯᠤᠰ ᠬᠡᠯᠡᠯᠴᠡᠨ ᠲᠤᠬᠢᠷᠠᠯᠴᠠᠵᠠᠢ᠃ ᠮᠢᠨᠰᠺ ᠤᠨ ᠬᠡᠯᠡᠯᠴᠡᠭᠡᠷ ᠢ ᠪᠦᠷᠢᠮᠦᠰᠦᠨ ᠬᠡᠷᠡᠭᠵᠢᠬᠦᠯᠦᠭᠰᠡᠨ ᠦᠭᠡᠢ ᠪᠤᠯᠬᠤᠷ ᠧᠦ᠋ᠷᠤᠫᠠ ᠶᠢᠨ ᠬᠤᠯᠪᠤᠭᠠᠨ ᠡᠴᠡ ᠡᠳ᠋ ᠤᠨ ᠵᠠᠰᠠᠭ ᠤᠨ ᠵᠠᠯᠬᠠᠭᠠᠯ ᠶᠢᠡᠨ ᠤᠯᠠᠨ ᠤᠲᠠᠭ᠎ᠠ ᠤᠷᠲᠤᠳᠬᠠᠪᠠ᠃

    

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701122152035