ᠺᠢᠮ ᠽᠸᠩ ᠡᠸᠨ ᠫᠠᠨᠮᠦ᠋ᠽᠧᠮ ᠤᠨ ᠰᠤᠯᠤᠩᠭ᠋ᠤᠰ ᠺᠤᠷᠢᠶᠠ ᠶᠢᠨ ᠬᠤᠯᠪᠤᠭ᠎ᠠ ᠪᠠᠷᠢᠬᠤ ᠤᠲᠠᠰᠤ ᠶᠢ ᠲᠠᠬᠢᠨ ᠨᠡᠪᠲᠡᠷᠡᠬᠦᠯᠬᠦ ᠪᠡᠷ ᠵᠠᠷᠯᠢᠭ ᠪᠠᠭᠤᠯᠭᠠᠪᠠ 2018-01-04 12:07

    ᠰᠢᠨᠬᠤᠧᠠ ᠬᠤᠷᠢᠶ᠎ᠠ   ᠫᠢᠦᠩᠶᠠᠩ ᠤᠨ 1 ᠰᠠᠷ᠎ᠠ ᠶᠢᠨ 3 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠡᠦ ᠴᠢᠶᠠᠩ᠂ ᠴᠧᠩ ᠳ᠋ᠠ ᠢᠦᠢ ᠎) ᠰᠤᠯᠤᠩᠭ᠋ᠤᠰ ᠤᠨ ᠲᠦᠪ ᠲᠧᠯᠧᠶ᠋ᠰ ᠤᠨ 3 ᠤ ᠡᠲᠦᠷ ᠤᠨ ᠮᠡᠲᠡᠭᠡᠯᠡᠭᠰᠡᠨ ᠢ ᠦᠨᠳᠦᠰᠦᠯᠡᠪᠡᠯ᠂ ᠲᠤᠬᠠᠢ ᠶᠢᠨ ᠡᠲᠦᠷ ᠰᠤᠯᠤᠩᠭ᠋ᠤᠰ ᠤᠨ ᠬᠠᠮᠤᠭ ᠤᠨ ᠲᠡᠭᠡᠳᠦ ᠤᠲᠤᠷᠢᠲᠤᠭᠴᠢ ᠺᠢᠮ ᠽᠸᠩ ᠡᠸᠨ ᠫᠠᠨᠮᠦ᠋ᠽᠧᠮ ᠤᠨ ᠰᠤᠯᠤᠩᠭ᠋ᠤᠰ ᠺᠤᠷᠢᠶᠠ ᠶᠢᠨ ᠬᠤᠯᠪᠤᠭ᠎ᠠ ᠪᠠᠷᠢᠬᠤ ᠤᠲᠠᠰᠤ ᠶᠢ ᠲᠠᠬᠢᠨ ᠨᠡᠪᠲᠡᠷᠡᠬᠦᠯᠬᠦ ᠪᠡᠷ ᠵᠠᠷᠯᠢᠭ ᠪᠠᠭᠤᠯᠭᠠᠵᠤ᠂ ᠲᠠᠷᠠᠭ᠎ᠠ ᠰᠠᠷ᠎ᠠ ᠺᠤᠷᠢᠶᠠ ᠶᠢᠨ ᠫᠢᠶᠧᠩᠼᠠᠩ ᠳ᠋ᠤ ᠵᠤᠬᠢᠶᠠᠨ ᠪᠠᠶᠢᠭᠤᠯᠤᠭᠲᠠᠬᠤ ᠭᠡᠵᠦ ᠪᠠᠶᠢᠭ᠎ᠠ ᠡᠪᠦᠯ ᠤᠨ ᠤᠯᠠᠷᠢᠯ ᠤᠨ ᠤᠯᠢᠮᠫᠢᠺ ᠤᠨ ᠲᠤᠬᠠᠢ ᠶᠠᠷᠢᠯᠴᠠᠨ ᠵᠦᠪᠲᠡᠯᠴᠡᠬᠦ ᠪᠡᠷ ᠪᠠᠶᠢᠨ᠎ᠠ ᠭᠡᠵᠡᠢ᠃

    ᠰᠤᠯᠤᠩᠭ᠋ᠤᠰ ᠤᠨ ᠡᠬᠡ ᠤᠷᠤᠨ ᠶᠢᠡᠨ ᠡᠪ ᠨᠠᠶᠢᠷᠠᠮᠲᠠᠯ ᠲᠠᠢ ᠪᠡᠷ ᠨᠢᠭᠡᠳᠭᠡᠬᠦ ᠵᠦᠪᠯᠡᠯ ᠤᠨ ᠦᠬᠦᠯᠡᠭᠴᠢ ᠡᠴᠡ ᠺᠢᠮ ᠽᠸᠩ ᠡᠸᠨ ᠤ ᠬᠠᠮᠢᠶᠠᠲᠠᠢ ᠵᠠᠷᠯᠢᠭ ᠢ ᠨᠡᠶᠢᠲᠡᠯᠡᠪᠡ᠃ ᠲᠤᠰ ᠦᠬᠦᠯᠡᠭᠴᠢ ᠶᠢᠨ ᠬᠡᠯᠡᠬᠦ ᠪᠡᠷ᠂ ᠺᠢᠮ ᠽᠸᠩ ᠡᠸᠨ 1 ᠤ ᠡᠲᠦᠷ ᠤᠨ ᠰᠢᠨ᠎ᠡ ᠤᠨ ᠤ ᠪᠠᠶᠠᠷ ᠤᠨ ᠮᠡᠨᠳᠦᠴᠢᠯᠡᠭᠡᠨ ᠳ᠋ᠡᠭᠡᠨ ᠰᠤᠯᠤᠩᠭ᠋ᠤᠰ ᠤᠨ ᠲᠠᠯ᠎ᠠ ᠶᠢᠨ ᠬᠢᠨ ᠫᠢᠶᠧᠩᠼᠠᠩ ᠤᠨ ᠡᠪᠦᠯ ᠤᠨ ᠤᠯᠠᠷᠢᠯ ᠤᠨ ᠤᠯᠢᠮᠫᠢᠺ ᠲᠤ ᠤᠷᠤᠯᠴᠠᠬᠤ ᠲᠤᠷᠠᠲᠠᠢ ᠪᠠᠶᠢᠨ᠎ᠠ᠃ ᠺᠤᠷᠢᠶᠠ ᠶᠢᠨ ᠬᠢᠨ ᠤ ᠢᠲᠡᠪᠬᠢ ᠤᠪᠤᠷ ᠶᠢᠡᠷ ᠬᠠᠨᠲᠤᠭᠰᠠᠨ ᠳ᠋ᠤ ᠺᠢᠮ ᠽᠸᠩ ᠡᠸᠨ ᠦᠨᠳᠦᠷ ᠦᠨᠡᠯᠡᠯᠲᠡ ᠦᠭ᠍ᠭᠦᠭ᠍ᠰᠡᠨ ᠪᠦᠭᠡᠳ ᠰᠤᠯᠤᠩᠭ᠋ᠤᠰ ᠤᠨ ᠡᠬᠡ ᠤᠷᠤᠨ ᠶᠢᠡᠨ ᠡᠪ ᠨᠠᠶᠢᠷᠠᠮᠲᠠᠯ ᠲᠠᠢ ᠪᠡᠷ ᠨᠢᠭᠡᠳᠭᠡᠬᠦ ᠵᠦᠪᠯᠡᠯ ᠪᠠ ᠪᠠᠶ᠎ᠠ ᠶᠢᠨ ᠲᠠᠮᠢᠷ ᠤᠨ ᠶᠠᠮᠤᠨ ᠢ ᠺᠤᠷᠢᠶᠠ ᠶᠢᠨ ᠲᠠᠯ᠎ᠠ ᠲᠠᠢ ᠪᠤᠲᠠᠲᠠᠢ ᠵᠦᠪᠲᠡᠯᠴᠡᠬᠦᠯᠬᠦ ᠪᠡᠷ ᠱᠠᠭᠠᠷᠲᠠᠵᠠᠢ᠃ ᠰᠤᠯᠤᠩᠭ᠋ᠤᠰ ᠤᠨ ᠲᠠᠯ᠎ᠠ ᠶᠢᠨ ᠬᠢᠨ ᠲᠤᠬᠠᠢ ᠶᠢᠨ ᠤᠷᠤᠨ ᠤ ᠴᠠᠭ ᠶᠢᠡᠷ 3 ᠤ ᠡᠲᠦᠷ ᠤᠨ 15᠄ 00 ᠴᠠᠭ ( ᠪᠡᠭᠡᠵᠢᠩ ᠤᠨ ᠴᠠᠭ ᠶᠢᠡᠷ 14᠄ 30 ᠴᠠᠭ ) ᠲᠤ ᠫᠠᠨᠮᠦ᠋ᠽᠧᠮ ᠤᠨ ᠰᠤᠯᠤᠩᠭ᠋ᠤᠰ ᠺᠤᠷᠢᠶᠠ ᠶᠢᠨ ᠬᠤᠯᠪᠤᠭ᠎ᠠ ᠪᠠᠷᠢᠬᠤ ᠤᠲᠠᠰᠤ ᠶᠢ ᠲᠠᠬᠢᠨ ᠨᠡᠪᠲᠡᠷᠡᠬᠦᠯᠪᠡ ᠭᠡᠵᠡᠢ᠃ ᠲᠡᠷᠡ ᠪᠡᠷ ᠮᠦᠨ ᠫᠢᠶᠧᠩᠼᠠᠩ ᠤᠨ ᠡᠪᠦᠯ ᠤᠨ ᠤᠯᠠᠷᠢᠯ ᠤᠨ ᠤᠯᠢᠮᠫᠢᠺ ᠤᠨ ᠠᠮᠵᠢᠯᠲᠠ ᠲᠠᠢ ᠵᠤᠬᠢᠶᠠᠨ ᠪᠠᠶᠢᠭᠤᠯᠤᠭᠲᠠᠬᠤ ᠶᠢ ᠬᠦᠰᠡᠪᠡ᠃

    1 ᠤ ᠡᠲᠦᠷ ᠺᠢᠮ ᠽᠧᠩ ᠧᠨ ᠰᠢᠨ᠎ᠡ ᠤᠨ ᠤ ᠪᠠᠶᠠᠷ ᠤᠨ ᠮᠡᠨᠳᠦᠴᠢᠯᠡᠭᠡᠨ ᠳ᠋ᠡᠭᠡᠨ ᠰᠤᠯᠤᠩᠭ᠋ᠤᠰ ᠲᠦᠯᠦᠭᠡᠯᠡᠭᠴᠢ ᠲᠤᠮᠢᠯᠠᠨ ᠫᠢᠶᠧᠩᠼᠠᠩ ᠤᠨ ᠡᠪᠦᠯ ᠤᠨ ᠤᠯᠠᠷᠢᠯ ᠤᠨ ᠤᠯᠢᠮᠫᠢᠺ ᠲᠤ ᠤᠷᠤᠯᠴᠠᠬᠤ ᠰᠠᠨᠠᠭ᠎ᠠ ᠲᠠᠢ ᠪᠠᠶᠢᠬᠤ ᠪᠡᠷ ᠢᠯᠡᠷᠬᠡᠶᠢᠯᠡᠭᠰᠡᠨ ᠤ ᠲᠠᠷᠠᠭ᠎ᠠ ᠬᠤᠶᠠᠷ ᠤᠷᠤᠨ ᠤ ᠬᠢᠨ ᠪᠠᠴᠢᠮ ᠶᠠᠷᠢᠯᠴᠠᠬᠤ ᠬᠤᠷᠠᠯ ᠵᠤᠬᠢᠶᠠᠨ ᠪᠠᠶᠢᠭᠤᠯᠬᠤ ᠪᠡᠷ ᠪᠤᠢ᠃ ( ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠭᠴᠢ ᠭᠦᠩ ᠪᠢᠩ᠂ ᠭᠦᠩ ᠢ ᠳ᠋ᠦᠩ᠂ ᠵᠢᠢ ᠰᠢᠨ ᠯᠦᠩ 2007 ᠤᠨ ᠤ ᠦᠶ᠎ᠠ ᠪᠡᠷ ᠵᠢᠷᠤᠭᠯᠠᠪᠠ )

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701122209451