蒙古文网站Logo
ᠰᠢᠨᠬᠤᠸᠠ ᠮᠤᠩᠭ᠋ᠤᠯ ᠨᠧᠲ

ᠰᠤᠯᠤᠩᠭ᠋ᠤᠰ ᠲᠡᠭᠡᠳᠦ ᠲᠦᠪᠰᠢᠨ ᠤ ᠲᠦᠯᠦᠭᠡᠯᠡᠭᠴᠢ ᠶᠢᠨ ᠪᠠᠭ ᠲᠤᠮᠢᠯᠠᠨ ᠫᠢᠶᠧᠩᠼᠠᠩ ᠤᠨ ᠡᠪᠦᠯ ᠤᠨ ᠤᠯᠢᠮᠫᠢᠺ ᠲᠤ ᠤᠷᠤᠯᠴᠠᠭᠤᠯᠬᠤ ᠪᠡᠷ ᠪᠠᠶᠢᠨ᠎ᠠ ᠭᠡᠵᠦ ᠺᠤᠷᠢᠶᠠ ᠶᠢᠨ ᠬᠡᠪᠯᠡᠯ ᠮᠡᠲᠡᠭᠡᠯᠡᠯ ᠤᠨ ᠬᠢᠨ ᠮᠡᠲᠡᠭᠡᠯᠡᠪᠡ

2018-01-09 16:58

    ᠰᠢᠨᠬᠤᠧᠠ ᠬᠤᠷᠢᠶ᠎ᠠ   ᠰᠧ᠋ᠦ᠋ᠯ ᠤᠨ 1 ᠰᠠᠷ᠎ᠠ ᠶᠢᠨ 9 ᠤ ᠡᠲᠦᠷ ᠤᠨ ᠴᠠᠬᠢᠯᠭᠠᠨ ᠮᠡᠲᠡᠭᠡ   ᠺᠤᠷᠢᠶᠠ ᠶᠢᠨ ᠨᠢᠭᠡᠲᠦᠭᠰᠡᠨ ᠮᠡᠲᠡᠭᠡᠯᠡᠯ ᠤᠨ ᠬᠤᠷᠢᠶᠠᠨ ᠤ 9 ᠤ ᠡᠲᠦᠷ ᠤᠨ ᠮᠡᠲᠡᠭᠡ ᠶᠢ ᠦᠨᠳᠦᠰᠦᠯᠡᠪᠡᠯ ᠲᠤᠬᠠᠢ ᠶᠢᠨ ᠡᠲᠦᠷ ᠪᠤᠯᠤᠭᠰᠠᠨ ᠺᠤᠷᠢᠶᠠ ᠰᠤᠯᠤᠩᠭ᠋ᠤᠰ ᠤᠨ ᠲᠡᠭᠡᠳᠦ ᠵᠢᠩᠲᠠᠭᠠᠨ ᠤ ᠠᠭᠤᠯᠵᠠᠯᠲᠠ ᠳ᠋ᠤ ᠰᠤᠯᠤᠩᠭ᠋ᠤᠰ ᠲᠡᠭᠡᠳᠦ ᠲᠦᠪᠰᠢᠨ ᠤ ᠲᠦᠯᠦᠭᠡᠯᠡᠭᠴᠢ ᠶᠢᠨ ᠪᠠᠭ᠂ ᠰᠤᠯᠤᠩᠭ᠋ᠤᠰ ᠤᠨ ᠦᠨᠳᠦᠰᠦᠲᠡᠨ ᠤ ᠤᠯᠢᠮᠫᠢᠺ ᠤᠨ ᠵᠦᠪᠯᠡᠯ ᠤᠨ ᠲᠦᠯᠦᠭᠡᠯᠡᠭᠴᠢ ᠶᠢᠨ ᠪᠠᠭ ᠶᠢᠡᠨ ᠲᠤᠮᠢᠯᠠᠵᠤ ᠫᠢᠶᠧᠩᠼᠠᠩ ᠤᠨ ᠡᠪᠦᠯ ᠤᠨ ᠤᠯᠢᠮᠫᠢᠺ ᠲᠤ ᠤᠷᠤᠯᠴᠠᠭᠤᠯᠬᠤ ᠪᠡᠷ ᠪᠠᠶᠢᠨ᠎ᠠ ᠭᠡᠯ᠎ᠡ᠃

    ᠮᠦᠨ ᠮᠡᠲᠡᠭᠡᠯᠡᠭᠰᠡᠨ ᠶᠢᠡᠷ ᠠᠭᠤᠯᠵᠠᠯᠲᠠ ᠶᠢᠨ ᠦᠶ᠎ᠠ ᠪᠡᠷ ᠺᠤᠷᠢᠶᠠ ᠰᠤᠯᠤᠩᠭ᠋ᠤᠰ ᠤᠨ ᠲᠠᠯ᠎ᠠ ᠶᠢᠨ ᠬᠢᠨ ᠢ ᠬᠦᠭ᠍᠍ᠵᠢᠭᠡᠬᠦ ᠪᠠᠭ ᠲᠤᠮᠢᠯᠠᠨ ᠺᠤᠷᠢᠶᠠ ᠳ᠋ᠤ ᠠᠶᠢᠯᠴᠢᠯᠠᠭᠤᠯᠬᠤ ᠵᠢᠴᠢ ᠡᠬᠢᠯᠡᠯᠲᠡ ᠶᠢᠨ ᠶᠤᠰᠤᠯᠠᠯ ᠳ᠋ᠤ ᠬᠤᠶᠠᠷ ᠤᠷᠤᠨ ᠶᠢᠡᠷ ᠶᠢᠡᠨ ᠬᠠᠮᠲᠤ ᠪᠡᠷ ᠡᠬᠢᠯᠡᠯᠲᠡ  ᠶᠢᠨ ᠶᠤᠰᠤᠯᠠᠯ ᠳ᠋ᠤ ᠤᠷᠤᠯᠴᠠᠬᠤ ᠲᠤᠬᠠᠢ ᠲᠤᠷᠠᠳᠪᠠ᠃ ᠡᠭᠦᠨ ᠡᠴᠡ ᠭᠠᠲᠨ᠎ᠠ ᠺᠤᠷᠢᠶᠠ ᠶᠢᠨ ᠲᠠᠯ᠎ᠠ ᠰᠢᠨ᠎ᠡ ᠵᠢᠯ ᠤᠨ ᠪᠠᠶᠠᠷ ᠲᠠᠢ ᠲᠤᠬᠢᠶᠠᠯᠲᠤᠭᠤᠯᠤᠨ ᠬᠤᠶᠠᠷ ᠤᠷᠤᠨ ᠶᠢᠡᠷ ᠶᠢᠡᠨ ᠰᠠᠯᠵᠤ ᠪᠤᠲᠠᠷᠠᠭᠰᠠᠨ ᠬᠦᠮᠦᠰ ᠢ ᠭᠡᠷ ᠪᠦᠯᠢ ᠶᠢᠨ ᠠᠭᠤᠯᠵᠠᠯᠲᠠ ᠬᠢᠯᠭᠡᠬᠦ᠂ ᠤᠯᠠᠭᠠᠨ ᠵᠠᠭᠠᠯᠮᠠᠶᠢᠲᠠᠨ ᠤ ᠬᠤᠷᠠᠯ ᠵᠤᠬᠢᠶᠠᠨ ᠪᠠᠶᠢᠭᠤᠯᠬᠤ ᠵᠡᠷᠭᠡ ᠲᠠᠯ᠎ᠠ ᠪᠡᠷ ᠶᠠᠷᠢᠯᠴᠠᠭᠰᠠᠨ ᠭᠡᠵᠡᠢ᠃

    ᠲᠤᠬᠠᠢ ᠶᠢᠨ ᠤᠷᠤᠨ ᠤ ᠴᠠᠭ ᠶᠢᠡᠷ 9 ᠤ ᠡᠲᠦᠷ ᠤᠨ 10᠄ 00 ᠴᠠᠭ ( ᠪᠡᠭᠡᠵᠢᠩ ᠤᠨ ᠴᠠᠭ ᠶᠢᠡᠷ 9᠄ 00 ᠴᠠᠭ ) ᠲᠤ ᠺᠤᠷᠢᠶᠠ ᠰᠤᠯᠤᠩᠭ᠋ᠤᠰ ᠬᠤᠶᠠᠷ ᠤᠯᠤᠰ ᠤᠨ ᠲᠦᠯᠦᠭᠡᠯᠡᠭᠴᠢ ᠫᠠᠨᠮᠦ᠋ᠽᠧᠮ ᠤᠨ ᠺᠤᠷᠢᠶᠠ ᠶᠢᠨ ᠲᠠᠯ᠎ᠠ ᠳ᠋ᠤ ᠪᠠᠶᠢᠷᠢᠯᠠᠭ᠎ᠠ 《ᠡᠶ᠎ᠡ ᠨᠠᠶᠢᠷᠠᠮᠲᠠᠯ ᠤᠨ ᠦᠷᠬᠦᠭᠡ》 ᠳ᠋ᠤ ᠲᠡᠭᠡᠳᠦ ᠵᠢᠩᠲᠠᠭᠠᠨ ᠤ ᠠᠭᠤᠯᠵᠠᠯᠲᠠ ᠪᠤᠯᠵᠤ᠂ ᠰᠤᠯᠤᠩᠭ᠋ᠤᠰ ᠤᠨ ᠲᠠᠯ᠎ᠠ ᠲᠦᠯᠦᠭᠡᠯᠡᠭᠴᠢ ᠲᠤᠮᠢᠯᠠᠨ ᠫᠢᠶᠧᠩᠼᠠᠩ ᠤᠨ ᠤᠯᠢᠮᠫᠢᠺ ᠲᠤ ᠤᠷᠤᠯᠴᠠᠭᠤᠯᠬᠤ᠂ ᠡᠮᠦᠨᠡᠲᠦ ᠤᠮᠠᠷᠠᠲᠤ ᠶᠢᠨ ᠬᠠᠷᠢᠯᠴᠠᠭ᠎ᠠ ᠶᠢ ᠰᠠᠶᠢᠵᠢᠷᠠᠭᠤᠯᠬᠤ ᠵᠡᠷᠭᠡ ᠰᠡᠲᠦᠪ ᠤᠨ ᠲᠤᠭᠤᠷᠢᠨ ᠳ᠋ᠤ ᠶᠠᠷᠢᠯᠴᠠᠪᠠ᠃ ᠡᠨᠡ ᠪᠤᠯ 2015 ᠤᠨ ᠤ 12 ᠰᠠᠷ᠎ᠠ ᠳ᠋ᠤ ᠰᠤᠯᠤᠩᠭ᠋ᠤᠰ ᠺᠤᠷᠢᠶᠠ ᠶᠢᠨ ᠲᠡᠳ᠋ ᠶᠠᠮᠤᠨ ᠤ ᠵᠡᠷᠭᠡᠯᠡᠯ ᠤᠨ ᠰᠠᠶᠢᠳ ᠨᠠᠷ ᠤᠨ ᠠᠭᠤᠯᠵᠠᠯᠲᠠ ᠶᠢᠨ ᠲᠠᠷᠠᠭ᠎ᠠ ᠬᠤᠶᠠᠷ ᠲᠠᠯ᠎ᠠ ᠪᠡᠷ ᠶᠢᠡᠨ ᠠᠩᠬ᠎ᠠ ᠤᠲᠠᠭ᠎ᠠ ᠵᠠᠰᠠᠭ ᠤᠨ ᠤᠷᠲᠤᠨ ᠤ ᠬᠤᠭᠤᠷᠤᠨᠲᠤ ᠠᠭᠤᠯᠵᠠᠯᠲᠠ ᠶᠢᠨ ᠠᠵᠢᠯᠯᠠᠭ᠎ᠠ ᠵᠤᠬᠢᠶᠠᠨ ᠪᠠᠶᠢᠭᠤᠯᠵᠤ ᠪᠠᠶᠢᠭ᠎ᠠ ᠶᠤᠮ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
关闭
010070230030000000000000011120701122233818