ᠫᠠᠺᠢᠰᠲ᠋ᠠᠨ ᠤ ᠪᠠᠷᠠᠭᠤᠨ ᠡᠮᠦᠨᠡᠲᠦ ᠪᠦᠰᠡ ᠳ᠋ᠤ ᠲᠡᠯᠪᠡᠷᠡᠬᠦ ᠪᠦᠮᠪᠦᠭᠡ ᠲᠡᠰᠦᠷᠡᠨ 7 ᠬᠦᠮᠦᠨ ᠠᠮᠢ ᠪᠠᠨ ᠠᠯᠲᠠᠪᠠ 2018-01-10 11:29

    ᠰᠢᠨᠬᠤᠧᠠ ᠬᠤᠷᠢᠶ᠎ᠠ   ᠢᠰᠯᠠᠮᠠᠪᠠᠳ᠋ ᠤᠨ 1 ᠰᠠᠷ᠎ᠠ ᠶᠢᠨ 9 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠢᠢ ᠸᠸᠢ ) 9 ᠤ ᠤᠷᠤᠢ ᠫᠠᠺᠢᠰᠲ᠋ᠠᠨ ᠤ ᠪᠠᠷᠠᠭᠤᠨ ᠡᠮᠦᠨ᠎ᠡ ᠪᠦᠰᠡ ᠶᠢᠨ ᠪᠠᠯᠦᠴᠢᠰᠲ᠋ᠠᠨ ᠮᠤᠵᠢ ᠶᠢᠨ ᠲᠦᠪ ᠲᠤ ᠴᠠᠭᠲᠠᠭ᠎ᠠ ᠶᠢ ᠲᠡᠯᠪᠡᠴᠢᠬᠦ ᠪᠦᠮᠪᠦᠭᠡ ᠪᠡᠷ ᠲᠠᠭᠠᠷᠢᠭᠰᠠᠨ ᠬᠡᠷᠡᠭ ᠭᠠᠷᠴᠤ ᠲᠠᠭᠠᠷᠢᠭᠴᠢ ᠶᠢ ᠪᠠᠭᠲᠠᠭᠠᠳ 7 ᠬᠦᠮᠦᠨ ᠠᠮᠢ ᠪᠠᠨ ᠠᠯᠲᠠᠵᠤ 28 ᠬᠦᠮᠦᠨ ᠰᠢᠷᠬᠠᠲᠤᠵᠠᠢ᠃

    ᠲᠤᠬᠠᠢ ᠶᠢᠨ ᠤᠷᠤᠨ ᠤ ᠬᠡᠪᠯᠡᠯ ᠮᠡᠲᠡᠭᠡᠯᠡᠯ ᠤᠨ ᠬᠢᠨ ᠤ ᠮᠡᠲᠡᠭᠡᠯᠡᠭᠰᠡᠨ ᠶᠢᠡᠷ ᠲᠠᠭᠠᠷᠢᠯᠲᠠ ᠨᠢ ᠪᠠᠯᠦᠴᠢᠰᠲ᠋ᠠᠨ ᠮᠤᠵᠢ ᠶᠢᠨ ᠵᠦᠪᠯᠡᠯᠭᠡᠨ ᠤ ᠬᠤᠷᠠᠯ ᠤᠨ ᠤᠶᠢᠷᠠᠯᠴᠠᠭ᠎ᠠ ᠡᠭᠦᠰᠴᠦ᠂ ᠮᠤᠲ᠋ᠤᠷ ᠤᠨᠤᠭᠰᠠᠨ ᠲᠠᠭᠠᠷᠢᠭᠴᠢ ᠡᠴᠡ ᠵᠦᠪᠯᠡᠯᠭᠡᠨ ᠤ ᠬᠤᠷᠠᠯ ᠤᠨ ᠤᠶᠢᠷᠠᠯᠴᠠᠭ᠎ᠠ ᠴᠠᠭᠲᠠᠵᠤ ᠪᠠᠶᠢᠭᠰᠠᠨ ᠴᠠᠭᠲᠠᠭᠠᠨ ᠤ ᠤᠨᠤᠭ᠎ᠠ ᠶᠢ ᠲᠠᠭᠠᠷᠢᠨ ᠲᠡᠯᠪᠡᠴᠢᠵᠡᠢ᠃ ᠲᠤᠬᠠᠢ ᠶᠢᠨ ᠦᠶ᠎ᠠ ᠳ᠋ᠤ ᠵᠦᠪᠯᠯᠡᠭᠡᠨ ᠤ ᠬᠤᠷᠠᠯ ᠶᠠᠭ ᠬᠤᠷᠠᠯ ᠬᠤᠷᠠᠯᠲᠤᠵᠤ ᠪᠠᠶᠢᠭᠰᠠᠨ ᠶᠤᠮ᠃ ᠲᠤᠶᠢᠮᠤᠴᠢᠯᠠᠭᠰᠠᠨ ᠶᠢᠡᠷ ᠲᠠᠭᠠᠷᠢᠭᠴᠢ ᠡᠴᠡ ᠵᠦᠪᠯᠡᠯᠭᠡᠨ ᠤ ᠬᠤᠷᠠᠯ ᠢ ᠲᠠᠭᠠᠷᠢᠬᠤ ᠵᠤᠷᠢᠯᠲᠠ ᠲᠠᠢ ᠪᠠᠶᠢᠪᠠ᠂ ᠭᠡᠪᠡᠴᠦ ᠤᠶᠢᠷ᠎ᠠ ᠬᠠᠪᠢ ᠳ᠋ᠤ ᠨᠢ ᠤᠯᠠᠨ ᠴᠠᠭᠲᠠᠭ᠎ᠠ ᠪᠠᠶᠢᠭᠰᠠᠨ ᠡᠴᠡ ᠲᠠᠭᠠᠷᠢᠬᠤ ᠬᠠᠷᠠᠯᠲᠠ ᠪᠠᠨ ᠰᠢᠯᠵᠢᠬᠦᠯᠦᠭᠰᠡᠨ ᠭᠡᠵᠡᠢ᠃

    ᠤᠲᠤᠬᠠᠨ ᠳ᠋ᠤ ᠲᠤᠬᠠᠢ ᠶᠢᠨ ᠤᠷᠤᠨ ᠤ ᠵᠠᠰᠠᠭ ᠤᠨ ᠭᠠᠵᠠᠷ ᠡᠴᠡ ᠡᠨᠡᠬᠦ ᠬᠡᠷᠡᠭ ᠢ ᠠᠮᠢ ᠪᠠᠨ ᠵᠤᠯᠢᠶᠠᠰᠤᠯᠠᠭᠰᠠᠨ ᠲᠠᠭᠠᠷᠢᠯᠲᠠ ᠭᠡᠵᠦ ᠨᠤᠲᠠᠯᠠᠪᠠ᠃ ᠵᠠᠷᠢᠮ ᠬᠡᠪᠯᠡᠯ ᠮᠡᠲᠡᠭᠡᠯᠡᠯ ᠤᠨ ᠮᠡᠲᠡᠭᠡᠯᠡᠭᠰᠡᠨ ᠶᠢᠡᠷ ᠫᠠᠺᠢᠰᠲ᠋ᠠᠨ ᠤ ᠲᠠᠯᠢᠪᠠᠨ ᠤ ᠵᠡᠪᠰᠡᠭᠲᠦ ᠪᠦᠯᠦᠭᠲᠡᠨ ᠲᠤᠰ ᠲᠠᠭᠠᠷᠢᠯᠲᠠ ᠶᠢ ᠵᠤᠬᠢᠶᠠᠨ ᠪᠠᠶᠢᠭᠤᠯᠤᠭᠰᠠᠨ ᠭᠡᠵᠡᠢ᠃

    ᠫᠠᠺᠢᠰᠲ᠋ᠠᠨ ᠤ ᠶᠡᠷᠦᠩᠬᠡᠢ ᠰᠠᠶᠢᠳ ᠠᠪᠠᠱᠢ ᠡᠨᠡᠬᠦ ᠲᠠᠭᠠᠷᠢᠯᠲᠠ ᠶᠢ ᠰᠢᠬᠦᠮᠵᠢᠯᠡᠨ ᠪᠤᠷᠤᠭᠤᠰᠢᠶᠠᠵᠤ᠂ ᠬᠠᠮᠢᠶᠠᠲᠠᠢ ᠰᠠᠯᠠᠭ᠎ᠠ ᠮᠦᠴᠢᠷ ᠤᠨ ᠬᠢᠨ ᠢ ᠪᠦᠬᠦ ᠬᠦᠴᠦᠨ ᠶᠢᠡᠷ ᠶᠢᠡᠨ ᠰᠢᠷᠬᠠᠲᠤᠭᠰᠠᠳ ᠢ ᠠᠪᠤᠷᠠᠨ ᠲᠤᠰᠠᠯᠠᠬᠤ ᠬᠡᠷᠡᠭᠲᠡᠢ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
010070230030000000000000011120701122237468