蒙古文网站Logo
ᠰᠢᠨᠬᠤᠸᠠ ᠮᠤᠩᠭ᠋ᠤᠯ ᠨᠧᠲ

ᠧᠦ᠋ᠷᠦᠫᠠ ᠶᠢᠨ ᠬᠤᠯᠪᠤᠭ᠎᠎ᠠ ᠵᠢᠴᠢ ᠹᠷᠠᠨᠼᠢ ᠭ᠍ᠸᠷᠮᠠᠨ ᠠᠩᠭ᠍ᠯᠢ ᠭᠤᠷᠪᠠᠨ ᠤᠯᠤᠰ ᠢᠷᠠᠨ ᠤ ᠬᠡᠯᠡᠯᠴᠡᠭᠡᠷ ᠢ ᠬᠠᠮᠠᠭᠠᠯᠠᠨ᠎ᠠ ᠭᠡᠵᠦ ᠲᠠᠬᠢᠨ ᠢᠯᠡᠷᠬᠡᠶᠢᠯᠡᠪᠡ

2018-01-12 17:16

    ᠰᠢᠨᠬᠤᠧᠠ ᠬᠤᠷᠢᠶ᠎ᠠ   ᠪᠧᠷᠦᠰᠧᠯ ᠤᠨ 1 ᠰᠠᠷ᠎ᠠ ᠶᠢᠨ 11 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠸᠩ ᠵᠢᠶᠠᠩ ᠬᠤᠧᠠ ) ᠧᠦ᠋ᠷᠦᠫᠠ ᠶᠢᠨ ᠬᠤᠯᠪᠤᠭᠠᠨ ᠤ ᠭᠠᠲᠠᠭᠠᠲᠤ ᠶᠠᠪᠤᠲᠠᠯ ᠪᠠ ᠠᠶᠤᠯᠬᠦᠢ ᠶᠢᠨ ᠪᠤᠲᠤᠯᠭ᠎ᠠ ᠶᠢᠨ ᠲᠡᠭᠡᠲᠦ ᠵᠢᠩᠲᠠᠭᠠᠨ ᠤ ᠲᠦᠯᠦᠭᠡᠯᠡᠭᠴᠢ ᠪᠠ ᠹᠷᠠᠨᠼᠢ᠂ ᠭ᠍ᠸᠷᠮᠠᠨ᠂ ᠠᠩᠭ᠍ᠯᠢ ᠭᠤᠷᠪᠠᠨ ᠤᠯᠤᠰ ᠤᠨ ᠭᠠᠲᠠᠭᠠᠲᠤ ᠶᠠᠪᠤᠲᠠᠯ ᠤᠨ ᠰᠠᠶᠢᠳ 11 ᠤ ᠡᠲᠦᠷ ᠪᠷᠦ᠋ᠰᠧᠯ ᠳ᠋ᠤ ᠲᠠᠬᠢᠨ ᠮᠡᠲᠡᠭᠲᠡᠬᠦ ᠳ᠋ᠡᠭᠡᠨ᠂ ᠧᠦ᠋ᠷᠦᠫᠡ ᠶᠢᠨ ᠬᠤᠯᠪᠤᠭ᠎ᠠ ᠪᠠ ᠲᠡᠬᠦᠨ ᠤ ᠭᠡᠰᠢᠬᠦᠨᠴᠢᠯᠠᠯ ᠢᠷᠠᠨ ᠤ ᠴᠦᠮ᠎ ᠡ ᠶᠢᠨ ᠠᠰᠠᠭᠤᠲᠠᠯ ᠤᠨ ᠪᠦᠬᠦ ᠲᠠᠯ᠎ᠠ ᠶᠢᠨ ᠬᠡᠯᠡᠯᠴᠡᠭᠡᠷ ᠢ ᠡᠷᠡᠰ ᠬᠠᠮᠠᠭᠠᠯᠠᠬᠤ ᠪᠦᠭᠡᠳ ᠬᠡᠷᠡᠭᠵᠢᠬᠦᠯᠦᠨ᠎ᠡ ᠭᠡᠵᠡᠢ᠃

    2015 ᠤᠨ ᠤ 7 ᠰᠠᠷ᠎ᠠ ᠳ᠋ᠤ ᠢᠷᠠᠨ ᠪᠤᠯᠤᠨ ᠢᠷᠠᠨ ᠤ ᠠᠰᠠᠭᠤᠲᠠᠯ ᠤᠨ ᠵᠢᠷᠭᠤᠭᠠᠨ ᠤᠯᠤᠰ ( ᠠᠮᠧᠷᠢᠺᠠ᠂ ᠠᠩᠭ᠍ᠯᠢ᠂ ᠹᠷᠠᠨᠼᠢ᠂ ᠤᠷᠤᠰ᠂ ᠲᠤᠮᠲᠠᠲᠤ ᠤᠯᠤᠰ ᠪᠠ ᠭ᠍ᠸᠷᠮᠠᠨ ) ᠢᠷᠠᠨ ᠤ ᠴᠦᠮ᠎ᠡ ᠶᠢᠨ ᠠᠰᠠᠭᠤᠲᠠᠯ ᠤᠨ ᠲᠤᠬᠠᠢ ᠪᠦᠬᠦ ᠲᠠᠯ᠎ᠠ ᠶᠢᠨ ᠬᠡᠯᠡᠯᠴᠡᠭᠡᠷ ᠲᠤᠬᠢᠷᠠᠯᠴᠠᠪᠠ᠃ ᠬᠡᠯᠡᠯᠴᠡᠭᠡᠷ ᠢ ᠦᠨᠳᠦᠰᠦᠯᠡᠪᠡᠯ᠂ ᠢᠷᠠᠨ ᠴᠦᠮ᠎ᠡ ᠶᠢᠨ ᠲᠦᠰᠦᠯ ᠢ ᠬᠢᠵᠠᠭᠠᠷᠯᠠᠵᠤ ᠪᠠᠶᠢᠭ᠎ᠠ ᠬᠤᠭᠤᠴᠠᠭᠠᠨ ᠳ᠋ᠤ ᠲᠡᠯᠡᠬᠡᠢ ᠨᠡᠶᠢᠲᠡ ᠡᠴᠡ ᠢᠷᠠᠨ ᠳ᠋ᠤ ᠶᠠᠪᠤᠭᠤᠯᠬᠤ ᠵᠠᠯᠬᠠᠭᠠᠯ ᠶᠢᠡᠨ ᠦᠬᠡᠶᠢᠰᠭᠡᠨ᠎ᠡ᠃ ᠤᠯᠠᠨ ᠤᠯᠤᠰ ᠤᠨ ᠠᠲ᠋ᠤᠮ ᠤᠨ ᠡᠨ᠋ᠸᠷᠬᠢ ᠶᠢᠨ ᠵᠤᠬᠢᠶᠠᠨ ᠪᠠᠶᠢᠭᠤᠯᠤᠯᠲᠠ ᠡᠴᠡ ᠢᠷᠠᠨ ᠤ ᠬᠡᠯᠡᠯᠴᠡᠭᠡᠷ ᠢ ᠬᠡᠷᠡᠭᠵᠢᠬᠦᠯᠵᠦ ᠪᠠᠶᠢᠭ᠎ᠠ ᠪᠠᠶᠢᠲᠠᠯ ᠤᠨ ᠲᠤᠬᠠᠢ ᠬᠢᠨᠠᠨ ᠪᠠᠶᠢᠴᠠᠭᠠᠵᠤ᠂ ᠤᠯᠠᠨ ᠤᠲᠠᠭ᠎ᠠ ᠮᠡᠲᠡᠬᠦᠯᠦᠯᠲᠡ ᠭᠠᠷᠭᠠᠭᠰᠠᠨ ᠶᠤᠮ᠃

    ᠦᠩᠭᠡᠷᠡᠭᠰᠡᠨ ᠤᠨ ᠤ 10 ᠰᠠᠷ᠎ᠠ ᠶᠢᠨ 13 ᠤ ᠡᠲᠦᠷ ᠠᠮᠧᠷᠢᠺᠠ ᠶᠢᠨ ᠶᠡᠷᠦᠩᠬᠡᠶᠢᠯᠡᠭᠴᠢ ᠲᠷᠠᠮᠫ ᠤᠯᠤᠰ ᠤᠨ ᠬᠤᠷᠠᠯ ᠳ᠋ᠤ ᠢᠷᠠᠨ ᠤ ᠴᠦᠮ᠎ᠡ ᠶᠢᠨ ᠬᠡᠯᠡᠯᠴᠡᠭᠡᠷ ᠢ ᠬᠡᠷᠡᠭᠵᠢᠬᠦᠯᠵᠦ ᠪᠠᠶᠢᠭ᠎ᠠ ᠲᠤᠬᠠᠢ ᠭᠡᠷᠡᠴᠢᠯᠡᠬᠦ ᠡᠴᠡ ᠲᠠᠲᠠᠭᠠᠯᠵᠠᠪᠠ᠃ ᠠᠮᠧᠷᠢᠺᠠ ᠶᠢᠨ ᠬᠠᠮᠢᠶᠠᠲᠠᠢ ᠬᠠᠦᠯᠢ ᠲᠤᠭᠲᠠᠭᠠᠮᠵᠢ ᠶᠢ ᠦᠨᠳᠦᠰᠦᠯᠡᠪᠡᠯ᠂ ᠵᠠᠰᠠᠭ ᠤᠨ ᠭᠠᠵᠠᠷ ᠢᠷᠠᠨ ᠤ ᠴᠦᠮ᠎ᠡ ᠶᠢᠨ ᠬᠡᠯᠡᠯᠴᠡᠭᠡᠷ ᠢ ᠬᠡᠷᠡᠭᠵᠢᠬᠦᠯᠵᠦ ᠪᠠᠶᠢᠭ᠎ᠠ ᠶᠢ ᠭᠡᠷᠡᠴᠢᠯᠡᠬᠦ ᠡᠴᠡ ᠲᠠᠲᠠᠭᠠᠯᠵᠠᠪᠠᠯ ᠤᠯᠤᠰ ᠤᠨ ᠬᠤᠷᠠᠯ 60 ᠡᠲᠦᠷ ᠤᠨ ᠬᠤᠭᠤᠴᠠᠭᠠᠨ ᠳ᠋ᠤ ᠢᠷᠠᠨ ᠳ᠋ᠤ ᠵᠠᠯᠬᠠᠭᠠᠯ ᠦᠵᠡᠬᠦᠯᠬᠦ ᠪᠡᠨ ᠰᠡᠷᠬᠦᠭᠡᠬᠦ ᠪᠤᠯᠤᠯᠴᠠᠭ᠎ᠠ ᠲᠠᠢ᠃ ᠮᠦᠨ ᠮᠡᠲᠡᠭᠡᠯᠡᠭᠰᠡᠨ ᠶᠢᠡᠷ᠂ ᠤᠯᠤᠰ ᠤᠨ ᠬᠤᠷᠠᠯ ᠬᠠᠮᠢᠶᠠᠲᠠᠢ ᠲᠠᠷᠠᠭᠠᠯᠠᠯ ᠶᠤᠰᠤᠭᠠᠷ ᠬᠠᠷᠢᠭᠤ ᠦᠭ᠍ᠭᠦᠭ᠍ᠰᠡᠨ ᠦᠭᠡᠢ ᠪᠤᠯᠬᠤᠷ 1 ᠰᠠᠷ᠎ᠠ ᠶᠢᠨ 12 ᠤᠨ ᠡᠲᠦᠷ ᠠᠮᠧᠷᠢᠺᠠ ᠶᠢᠨ ᠶᠡᠷᠦᠩᠬᠡᠶᠢᠯᠡᠭᠴᠢ ᠢᠷᠠᠨ ᠳ᠋ᠤ ᠲᠠᠬᠢᠨ ᠵᠠᠯᠬᠠᠭᠠᠯ ᠶᠠᠪᠤᠭᠤᠯᠬᠤ ᠡᠰᠡᠬᠦ ᠶᠢ ᠲᠤᠭᠲᠠᠬᠤ ᠪᠤᠯᠤᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
关闭
010070230030000000000000011120791122251806