微信打开
蒙古文网站Logo
ᠰᠢᠨᠬᠤᠸᠠ ᠮᠤᠩᠭ᠋ᠤᠯ ᠨᠧᠲ

ᠬᠥᠬᠡᠬᠤᠲᠠ ᠠᠴᠠ ᠤᠯᠠᠭᠠᠨᠪᠠᠭᠠᠲᠤᠷ ᠬᠦᠷᠬᠦ ᠣᠯᠠᠨ ᠤᠯᠤᠰ ᠤᠨ ᠪᠠᠷᠠᠭ᠎ᠠ ᠲᠡᠭᠡᠭᠡᠪᠦᠷᠢ ᠶᠢᠨ ᠠᠭᠠᠷ ᠠᠶᠠᠯᠠᠯ ᠤᠨ ᠱᠤᠭᠤᠮ ᠨᠡᠪᠲᠡᠷᠡᠵᠡᠢ

2016-03-28 10:26

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 3 ᠰᠠᠷ᠎ᠠ ᠶᠢᠨ 28 ᠤ ᠡᠲᠦᠷ ᠤᠨ ᠴᠠᠬᠢᠯᠭᠠᠨ ᠮᠡᠳᠡᠭᠡ ( ᠬ·ᠦᠵᠡᠰᠭᠦᠯᠡᠩ)3 ᠰᠠᠷ᠎ᠠ ᠶᠢᠨ 23 ᠤ ᠡᠲᠦᠷ ᠤᠨ 16᠄ 00 ᠴᠠᠭ ᠲᠤ᠂ 199.9 ᠺᠢᠯᠤ᠍ᠭ᠍ᠷᠠᠮ ᠤᠯᠠᠨ ᠤᠯᠤᠰ ᠤᠨ ᠲᠦᠷᠭᠡᠨ ᠲᠠᠮᠵᠢᠭᠤᠯᠭ᠎ᠠ ᠶᠢᠨ ᠪᠠᠷᠠᠭ᠎ᠠ ᠠᠴᠢᠭᠰᠠᠨOM802 ᠡᠭᠡᠯᠵᠢ ᠶᠢᠨ ᠨᠢᠰᠬᠦ ᠤᠩᠭ᠋ᠤᠴᠠ ᠬᠥᠬᠡᠬᠤᠲᠠ ᠶᠢᠨ ᠴᠠᠭᠠᠨ ᠰᠤᠪᠤᠷᠭ᠎ᠠ ᠤᠯᠠᠨ ᠤᠯᠤᠰ ᠤᠨ ᠨᠢᠰᠬᠦ ᠤᠩᠭ᠋ᠤᠴᠠᠨ ᠤ ᠪᠠᠭᠤᠲᠠᠯ ᠡᠴᠡ ᠮᠤᠩᠭ᠋ᠤᠯ ᠤᠯᠤᠰ ᠤᠨ ᠤᠯᠠᠭᠠᠨᠪᠠᠭᠠᠲᠤᠷ ᠬᠤᠲᠠ ᠶᠢ ᠵᠤᠷᠢᠪᠠ᠃

    ᠥᠪᠥᠷ ᠮᠤᠩᠭ᠋ᠤᠯ ᠤᠨ ᠠᠷᠠᠳ ᠤᠨ ᠠᠭᠠᠷ ᠠᠶᠠᠯᠠᠯ ᠤᠨ ᠪᠦᠯᠦᠭᠯᠡᠯ ᠺᠣᠮᠫᠠᠨᠢ  ᠮᠤᠩᠭ᠋ᠤᠯ ᠤᠯᠤᠰ ᠤᠨ ᠠᠭᠠᠷ ᠠᠶᠠᠯᠠᠯ ᠤᠨ ᠺᠣᠮᠫᠠᠨᠢ ᠲᠠᠢ ᠬᠠᠮᠲᠤᠷᠠᠵᠤ᠂ ᠲᠤᠰ ᠠᠶᠠᠯᠠᠯ ᠤᠨ ᠱᠤᠭᠤᠮ ᠢ ᠨᠡᠪᠲᠡᠷᠡᠭᠦᠯᠦᠭᠰᠡᠨ ᠪᠠᠶᠢᠨ᠎ᠠ᠃ ᠡᠭᠦᠨ ᠡᠴᠡ ᠭᠠᠲᠠᠨ᠎ᠠ ᠬᠦᠬᠡᠬᠤᠲᠠ ᠶᠢᠨ ᠴᠠᠭᠠᠨ ᠰᠤᠪᠤᠷᠭ᠎ᠠ ᠤᠯᠠᠨ ᠤᠯᠤᠰ ᠤᠨ ᠨᠢᠰᠬᠦ ᠤᠩᠭ᠋ᠤᠴᠠᠨ ᠤ ᠪᠠᠭᠤᠲᠠᠯ ᠤᠨ 7000 ᠺᠦᠸᠠᠳ᠋ ᠮᠸᠲ᠋ᠷ ᠤᠨ ᠤᠯᠠᠨ ᠤᠯᠤᠰ ᠤᠨ ᠲᠦᠷᠭᠡᠨ ᠲᠠᠮᠵᠢᠭᠤᠯᠭ᠎ᠠ ᠶᠢᠨ ᠪᠠᠷᠠᠭ᠎ᠠ ᠲᠡᠭᠡᠭᠡᠪᠦᠷᠢ ᠶᠢᠨ ᠬᠦᠮᠦᠷᠭᠡ ᠲᠤᠩ ᠤᠲᠠᠬᠤ ᠦᠭᠡᠢ ᠠᠰᠢᠭᠯᠠᠯᠲᠠ ᠳ᠋ᠤ ᠤᠷᠤᠬᠤ ᠪᠡᠷ ᠪᠤᠢ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠩᠭ᠋ᠤᠯ ᠤᠨ ᠤᠳᠤᠭ ᠬᠤᠰᠢᠭᠤᠨ ᠤ ᠪᠠᠭᠠᠲᠤᠷ ᠤᠯᠠᠭᠠᠨ ᠤᠪᠤᠭ᠎ᠠ ᠶᠢᠨ ᠲᠠᠬᠢᠯᠭ᠎ᠠ ᠨᠢᠵᠢᠭᠡᠷ ᠪᠤᠯᠵᠦ ᠦᠩᠭᠡᠷᠡᠯ᠎ᠡ
  • ᠮᠤᠩᠭ᠋ᠤᠯ ᠰᠢᠳᠠᠷ᠎ᠠ ᠬᠡᠤᠬᠡᠳ ᠤᠨ ᠤᠷᠮ᠎ᠠ ᠶᠢ ᠲᠠᠳᠠᠵᠤ ᠪᠠᠶᠢᠨ᠎ᠠ
  • ᠦᠪᠦᠷ ᠮᠤᠨᠭᠭᠤᠯ ᠤᠨ ᠬᠤᠱᠤᠩ ᠤᠷᠠᠯᠢᠬ ᠤᠨ ᠠᠨᠭᠬᠠᠨ ᠤ ᠨᠠᠭᠠᠳᠤᠮ ᠪᠤᠯᠤᠯ᠎ᠠ
  • ᠦᠪᠦᠷ ᠮᠤᠨᠭᠭᠤᠯ ᠤᠨ ᠶᠡᠬᠡ ᠰᠤᠷᠭᠠᠭᠤᠯᠢ ᠶᠢᠨ ᠮᠤᠨᠭᠭᠤᠯ ᠤᠯᠤᠰ ᠢ ᠰᠤᠳᠤᠯᠬᠤ ᠬᠦᠷᠢᠶᠡᠯᠡᠩ ᠪᠠᠶᠢᠭᠤᠯᠤᠬᠳᠠᠪᠠ
关闭
010070230030000000000000011120791118460389