微信打开
蒙古文网站Logo
ᠰᠢᠨᠬᠤᠸᠠ ᠮᠤᠩᠭ᠋ᠤᠯ ᠨᠧᠲ

ᠬᠦᠢᠲᠠᠨ ᠠᠭᠤᠷ ᠠᠮᠢᠰᠬᠤᠯ ᠮᠠᠨ ᠤ ᠤᠯᠤᠰ ᠤᠨ ᠲᠤᠮᠲᠠ ᠵᠡᠬᠦᠨ ᠬᠡᠰᠡᠭ ᠢ ᠨᠦᠯᠦᠭᠡᠯᠡᠨ ᠵᠠᠷᠢᠮ ᠭᠠᠵᠠᠷ ᠲᠤ ᠴᠠᠰᠤᠨ ᠰᠢᠭᠤᠷᠭ᠎ᠠ ᠪᠤᠯᠤᠨ᠎ᠠ

2016-04-01 10:01

    3 ᠰᠠᠷ᠎ᠠ ᠡᠴᠡ ᠨᠠᠰᠢ᠂ ᠵᠡᠬᠦᠨ ᠬᠤᠢᠢᠲᠤ ᠤᠷᠤᠨ᠂ ᠦᠪᠦᠷ ᠮᠤᠩᠭ᠋ᠤᠯ᠂ ᠤᠮᠠᠷᠠᠲᠤ ᠤᠷᠤᠨ᠂ ᠬᠠᠲᠤᠨ ᠭᠤᠤᠯ᠂ ᠬᠤᠸᠠᠢ ᠡᠾᠸ ᠭᠤᠤᠯ ᠤᠨ ᠰᠠᠪᠠ ᠭᠠᠵᠠᠷ ᠵᠢᠴᠢ ᠰᠢᠨᠵᠢᠶᠠᠩ᠂ ᠲᠦᠪᠡᠳ ᠤᠨ ᠠᠭᠠᠷ ᠤᠨ ᠲᠤᠯᠠᠭᠠᠨ ᠪᠠᠢᠢᠩ᠋ᠭᠤ ᠵᠢᠯ ᠤᠨ ᠠᠳᠠᠯᠢ ᠬᠤᠭᠤᠴᠠᠭᠠᠨ ᠤ ᠬᠢ ᠡᠴᠡ 14 ᠭ᠍ᠷᠠᠳᠦ᠋ᠰ ᠦᠨᠳᠦᠷ᠂ ᠡᠭᠦᠨ ᠳ᠋ᠤ ᠰᠢᠨᠵᠢᠶᠠᠩ ᠤᠨ ᠪᠠᠷᠠᠭᠤᠨ ᠬᠤᠢᠢᠲᠤ ᠬᠡᠰᠡᠭ᠂ ᠦᠪᠦᠷ ᠮᠤᠩᠭ᠋ᠤᠯ ᠤᠨ ᠵᠡᠬᠦᠨ ᠬᠤᠢᠢᠲᠤ ᠬᠡᠰᠡᠭ ᠤᠨ ᠠᠭᠠᠷ ᠤᠨ ᠲᠤᠯᠠᠭᠠᠨ 46 ᠭ᠍ᠷᠠᠳᠦ᠋ᠰ ᠦᠨᠳᠦᠷ ᠪᠤᠯᠪᠠ᠃ 3 ᠰᠠᠷ᠎ᠠ ᠶᠢᠨ 16 ᠤ ᠡᠲᠦᠷ ᠪᠡᠭᠡᠵᠢᠩ ᠳ᠋ᠤ ᠬᠠᠪᠤᠷ ᠰᠠᠭᠠᠲᠠᠵᠤ᠂ ᠪᠠᠢᠢᠩ᠋ᠭᠤ ᠵᠢᠯ ᠡᠴᠡ ᠪᠠᠨ 2 ᠭᠠᠷᠠᠭ ᠤᠷᠢᠳᠴᠢᠯᠠᠪᠠ᠃ ᠲᠦᠪ ᠤᠨ ᠴᠠᠭ ᠠᠭᠤᠷ ᠤᠨ ᠬᠤᠷᠢᠶ᠎ᠠ ᠶᠢᠨ ᠤᠷᠢᠳᠴᠢᠯᠠᠨ ᠲᠤᠭᠠᠴᠠᠭᠠᠯᠠᠠᠬᠤ ᠪᠡᠷ᠂ ᠢᠷᠡᠬᠦ ᠨᠢᠭᠡ ᠭᠠᠷᠠᠭ ᠲᠤ᠂ ᠤᠮᠠᠷᠠᠲᠤ ᠤᠷᠤᠨ ᠤ ᠠᠭᠠᠷ ᠤᠨ ᠲᠤᠯᠠᠭᠠᠨ ᠤᠷᠢᠲᠠᠪᠡᠷ ᠲᠡᠭᠡᠭ᠍ᠰᠢᠯᠡᠵᠦ ᠲᠠᠷᠠᠭ᠎ᠠ ᠨᠢ ᠲᠤᠷᠤᠭᠰᠢᠯᠠᠨ᠂ ᠡᠮᠦᠨᠡᠲᠦ ᠤᠷᠤᠨ ᠳ᠋ᠤ ᠶᠡᠬᠡ  ᠡᠴᠡ ᠠᠭᠠᠲᠠᠷ ᠪᠤᠷᠤᠭᠠᠨ ᠤᠷᠤᠨ᠎ᠠ᠃

    3 ᠰᠠᠷ᠎ᠠ ᠶᠢᠨ 31 ᠤ ᠰᠦᠨᠢ ᠡᠴᠡ 4 ᠰᠠᠷ᠎ᠠ ᠶᠢᠨ 3 ᠤ ᠡᠲᠦᠷ ᠪᠤᠯᠲᠠᠯ᠎ᠠ᠂ ᠴᠢᠩᠭ᠋᠎ᠠ ᠬᠦᠢᠲᠠᠨ ᠠᠭᠤᠷ ᠠᠮᠢᠰᠬᠤᠯ ᠮᠠᠨ ᠤ ᠤᠯᠤᠰ ᠤᠨ ᠲᠤᠮᠲᠠ ᠵᠡᠬᠦᠨ ᠪᠠᠶ᠎ᠠ ᠶᠢᠨ ᠶᠡᠬᠡᠩᠬᠢ ᠬᠡᠰᠡᠭ ᠢ ᠨᠦᠯᠦᠭᠡᠯᠡᠨ᠂ ᠠᠭᠠᠷ ᠤᠨ ᠲᠤᠯᠠᠭᠠᠨ ᠲᠤᠷᠤᠭᠰᠢᠯᠠᠵᠤ ᠬᠤᠷ᠎ᠠ ᠲᠤᠨᠤᠲᠠᠰᠤ ᠪᠠᠭᠤᠨ ᠰᠠᠯᠬᠢᠯᠠᠬᠤ ᠠᠭᠤᠷ ᠠᠮᠢᠰᠬᠤᠯ ᠢᠯᠡᠷᠡᠨ᠎ᠡ᠃ ᠦᠪᠦᠷ ᠮᠤᠩᠭ᠋ᠤᠯ᠂ ᠵᠡᠬᠦᠨ ᠬᠤᠢᠢᠲᠤ ᠤᠷᠤᠨ ᠪᠠ ᠤᠮᠠᠷᠠᠲᠤ ᠤᠷᠤᠨ ᠤ ᠲᠤᠮᠲᠠᠴᠢ ᠠᠭᠠᠷ ᠤᠨ ᠲᠤᠯᠠᠭᠠᠨ 810 ᠭ᠍ᠷᠠᠳᠦ᠋ᠰ ᠪᠠᠭᠤᠷᠠᠨ᠂ ᠵᠠᠷᠢᠮ ᠭᠠᠵᠠᠷ ᠲᠤ 1214 ᠭ᠍ᠷᠠᠳᠦ᠋ᠰ ᠪᠠᠭᠤᠷᠠᠨ᠎ᠠ᠃ ᠤᠮᠠᠷᠠᠲᠤ ᠤᠷᠤᠨ ᠤ ᠡᠮᠦᠨᠡᠲᠦ ᠬᠡᠰᠡᠭ ᠡᠴᠡ ᠵᠢᠶᠠᠩᠨᠠᠨ ᠬᠦᠷᠲᠡᠯᠡᠬᠢ ᠭᠠᠵᠠᠷ ᠤᠨ ᠲᠤᠮᠲᠠᠴᠢ ᠠᠭᠠᠷ ᠤᠨ ᠲᠤᠯᠠᠭᠠᠨ 68 ᠭ᠍ᠷᠠᠳᠦ᠋ᠰ ᠲᠤᠷᠤᠭᠰᠢᠯᠠᠵᠤ᠂ ᠡᠭᠦᠨ ᠳ᠋ᠤ ᠵᠢᠶᠠᠩᠬᠤᠸᠠᠢ ᠡᠴᠡ ᠵᠢᠶᠠᠩᠨᠠᠨ ᠤ ᠲᠤᠮᠲᠠ ᠬᠤᠢᠢᠲᠤ ᠬᠡᠰᠡᠭ ᠤᠨ ᠠᠭᠠᠷ ᠤᠨ ᠲᠤᠯᠠᠭᠠᠨ ᠢᠯᠡᠷᠬᠡᠢ ᠲᠤᠷᠤᠭᠰᠢᠯᠠᠵᠤ᠂ ᠡᠲᠦᠷ ᠤᠨ ᠬᠠᠮᠤᠭ ᠤᠨ ᠦᠨᠳᠦᠷ ᠠᠭᠠᠷ ᠤᠨ ᠲᠤᠯᠠᠭᠠᠨ 1216 ᠭ᠍ᠷᠠᠳᠦ᠋ᠰ ᠪᠠᠢᠢᠭᠰᠠᠨ ᠡᠴᠡ ᠰᠦᠨᠢ ᠶᠢᠨ ᠬᠠᠮᠤᠭ ᠤᠨ ᠲᠤᠤᠷ᠎ᠠ ᠠᠭᠠᠷ ᠤᠨ ᠲᠤᠯᠠᠭᠠᠨ 610 ᠭ᠍ᠷᠠᠳᠦ᠋ᠰ ᠪᠤᠯᠤᠨ᠎ᠠ᠃ ᠬᠦᠬᠡ ᠮᠦᠷᠡᠨ ᠡᠴᠡ ᠬᠤᠢᠢᠰᠢᠬᠢ ᠭᠠᠵᠠᠷ ᠲᠤ ᠬᠤᠢᠢᠨ᠎ᠠ ᠡᠴᠡ 46 ᠲᠡᠰ ᠤᠨ ᠰᠠᠯᠬᠢ ᠰᠠᠯᠬᠢᠯᠠᠨ᠎ᠠ᠂ ᠲᠦᠷ ᠵᠠᠭᠤᠷ᠎ᠠ 78 ᠲᠡᠰ ᠲᠤ ᠬᠦᠷᠦᠨ᠎ᠡ᠃

    ᠶᠡᠬᠡ ᠰᠠᠯᠬᠢᠨ ᠤ ᠨᠦᠯᠦᠭᠡ ᠪᠡᠷ᠂ 3 ᠰᠠᠷ᠎ᠠ ᠶᠢᠨ 31 ᠤ ᠡᠲᠦᠷ᠂ ᠦᠪᠦᠷ ᠮᠤᠩᠭ᠋ᠤᠯ ᠤᠨ ᠲᠤᠮᠲᠠ ᠵᠡᠬᠦᠨ ᠬᠡᠰᠡᠭ᠂ ᠯᠢᠶᠤᠤᠨᠢᠩ ᠤᠨ ᠪᠠᠷᠠᠭᠤᠨ ᠬᠡᠰᠡᠭ᠂ ᠭᠢᠷᠢᠨ ᠤ ᠪᠠᠷᠠᠭᠤᠨ ᠬᠡᠰᠡᠭ ᠵᠡᠷᠭᠡ ᠭᠠᠵᠠᠷ ᠲᠤ ᠰᠢᠷᠤᠢ ᠬᠡᠢᠢᠰᠦᠨ᠂ ᠵᠠᠷᠢᠮ ᠭᠠᠵᠠᠷ ᠲᠤ ᠡᠯᠡᠰᠦᠨ ᠰᠢᠭᠤᠷᠭ᠎ᠠ ᠲᠡᠭᠲᠡᠪᠡ᠃

    3 ᠰᠠᠷ᠎ᠠ ᠶᠢᠨ 31 ᠤ ᠰᠦᠨᠢ ᠡᠴᠡ 4 ᠰᠠᠷ᠎ᠠ ᠶᠢᠨ 1 ᠤ ᠡᠲᠦᠷ ᠪᠤᠯᠲᠠᠯ᠎ᠠ᠂ ᠦᠪᠦᠷ ᠮᠤᠩᠭ᠋ᠤᠯ ᠤᠨ ᠵᠡᠬᠦᠨ ᠬᠤᠢᠢᠲᠤ ᠬᠡᠰᠡᠭ ᠪᠠ ᠬᠠᠷᠠᠮᠦ᠋ᠷᠡᠨ ᠤ ᠪᠠᠷᠠᠭᠤᠨ ᠬᠤᠢᠢᠲᠤ ᠬᠡᠰᠡᠭ ᠲᠤ ᠲᠤᠮᠲᠠ ᠡᠴᠡ ᠶᠡᠬᠡ ᠴᠠᠰᠤ ᠤᠷᠤᠨ᠎ᠠ᠂ ᠵᠠᠷᠢᠮ ᠭᠠᠵᠠᠷ ᠲᠤ ᠴᠠᠰᠤᠨ ᠰᠢᠭᠤᠷᠭ᠎ᠠ ᠲᠠᠢ᠃ ᠬᠤᠷᠠᠭᠰᠠᠨ ᠴᠠᠰᠤᠨ ᠤ ᠬᠡᠮᠵᠢᠶ᠎ᠠ 510 ᠰᠠᠨᠲ᠋ᠢᠮᠸᠲ᠋ᠷ ᠬᠦᠷᠴᠦ᠂ ᠵᠠᠷᠢᠮ ᠭᠠᠵᠠᠷ ᠲᠤ 15 ᠰᠠᠨᠲ᠋ᠢᠮᠸᠲ᠋ᠷ ᠬᠦᠷᠦᠨ᠎ᠠ᠃

    4 ᠰᠠᠷ᠎ᠠ ᠶᠢᠨ 1 ᠤ ᠰᠦᠨᠢ ᠡᠴᠡ 3 ᠤ ᠡᠲᠦᠷ ᠪᠤᠯᠲᠠᠯ᠎ᠠ᠂ ᠬᠠᠲᠤᠨ ᠭᠤᠤᠯ᠂ ᠬᠤᠸᠠᠢ ᠡᠾᠸ ᠭᠤᠤᠯ ᠤᠨ ᠰᠠᠪᠠ ᠭᠠᠵᠠᠷ᠂ ᠵᠢᠶᠠᠩᠬᠠᠨ᠂ ᠵᠢᠶᠠᠩᠨᠠᠨ᠂ ᠵᠢᠶᠠᠩᠬᠤᠸᠠᠢ ᠶᠢᠨ ᠲᠤᠮᠲᠠ ᠬᠤᠢᠢᠲᠤ ᠬᠡᠰᠡᠭ ᠲᠤ ᠪᠤᠷᠤᠭᠠᠨ ᠤᠷᠤᠵᠤ᠂ ᠵᠢᠶᠠᠩᠬᠠᠨ ᠤ ᠵᠡᠬᠦᠨ ᠬᠡᠰᠡᠭ᠂ ᠵᠢᠶᠠᠩᠬᠤᠸᠠᠢ ᠶᠢᠨ ᠪᠠᠷᠠᠭᠤᠨ ᠡᠮᠦᠨᠡᠲᠦ ᠬᠡᠰᠡᠭ ᠪᠠ ᠵᠢᠶᠠᠩᠨᠠᠨ ᠤ ᠬᠤᠢᠢᠲᠤ ᠬᠡᠰᠡᠭ ᠤᠨ ᠬᠤᠷ᠎ᠠ ᠲᠤᠨᠤᠲᠠᠰᠤᠨ ᠤ ᠬᠡᠮᠵᠢᠶ᠎ᠠ 80150 ᠮᠢᠯᠢᠮᠸᠲ᠋ᠷ ᠬᠦᠷᠦᠨ᠎ᠡ᠃ 2 ᠤᠨ ᠡᠲᠦᠷ᠂ ᠬᠠᠲᠤᠨ ᠭᠤᠤᠯ᠂ ᠬᠤᠸᠠᠢ ᠡᠾᠸ ᠭᠤᠤᠯ ᠤᠨ ᠰᠠᠪᠠ ᠭᠠᠵᠠᠷ ᠤᠨ ᠡᠮᠦᠨ᠎ᠡ ᠬᠡᠰᠡᠭ᠂ ᠵᠢᠶᠠᠩᠬᠠᠨ ᠤ ᠵᠡᠬᠦᠨ ᠬᠡᠰᠡᠭ᠂ ᠵᠢᠶᠠᠩᠬᠤᠸᠠᠢ᠂ ᠵᠢᠶᠠᠩᠨᠠᠨ ᠤ ᠬᠤᠢᠢᠲᠤ ᠬᠡᠰᠡᠭ ᠲᠤ ᠠᠭᠠᠲᠠᠷ ᠪᠤᠷᠤᠭᠠᠨ ᠤᠷᠤᠵᠤ᠂ ᠵᠠᠷᠢᠮ ᠭᠠᠵᠠᠷ ᠲᠤᠨᠢ ᠰᠢᠷᠦᠬᠦᠨ ᠪᠤᠷᠤᠭᠠᠨ ᠤᠷᠤᠵᠤ ᠠᠶᠤᠩᠭ᠋᠎ᠠ ᠴᠠᠬᠢᠯᠭᠠᠨ ᠴᠠᠬᠢᠯᠵᠤ ᠮᠦᠨᠳᠦᠷ ᠤᠷᠤᠨ᠎ᠠ᠃ ᠵᠠᠷᠢᠮ ᠭᠠᠵᠠᠷ ᠤᠨ ᠬᠤᠷ᠎ᠠ ᠲᠤᠨᠤᠲᠠᠰᠤᠨ ᠤ ᠬᠡᠮᠵᠢᠶ᠎ᠠ ᠠᠳᠠᠯᠢ ᠬᠤᠭᠤᠴᠠᠭᠠᠨ ᠤ ᠲᠡᠦᠬᠡ ᠶᠢᠨ ᠲᠡᠮᠲᠡᠭᠯᠡᠯ ᠢ ᠰᠢᠨᠡᠳᠭᠡᠨ᠎ᠡ᠃

    ᠬᠦᠢᠲᠠᠨ ᠠᠭᠤᠷ ᠠᠮᠢᠰᠬᠤᠯ ᠤᠨ ᠨᠦᠯᠦᠭᠡ ᠪᠡᠷ᠂ ᠤᠮᠠᠷᠠᠲᠤ ᠤᠷᠤᠨ ᠳ᠋ᠤ ᠰᠢᠷᠤᠢ ᠬᠡᠢᠢᠰᠦᠨ᠂ ᠦᠵᠡᠭᠲᠡᠴᠡ ᠶᠢᠨ ᠬᠡᠮᠵᠢᠶ᠎ᠠ ᠪᠠ ᠠᠭᠠᠷ ᠤᠨ ᠴᠢᠨᠠᠷ ᠴᠢᠨᠰᠠᠭ᠎ᠠ ᠲᠤᠷᠤᠭᠰᠢᠯᠠᠨ᠂ ᠬᠦᠮᠦᠰ ᠤᠨ ᠡᠷᠡᠭᠦᠯ ᠴᠢᠬᠢᠷᠠᠭ ᠪᠠ ᠶᠠᠪᠤᠵᠤ ᠰᠠᠭᠤᠬᠤ ᠳ᠋ᠤ ᠨᠦᠯᠦᠭᠡ ᠪᠤᠯᠪᠠ᠃ ᠡᠮᠦᠨᠡᠲᠦ ᠤᠷᠤᠨ ᠳ᠋ᠤ ᠠᠭᠤᠯᠠᠨ ᠤ ᠦᠶᠠᠷ᠂ ᠠᠭᠤᠯᠠ ᠨᠤᠷᠠᠬᠤ ᠠᠶᠤᠯ ᠵᠡᠷᠭᠡ ᠶᠢ ᠤᠷᠢᠳᠴᠢᠯᠠᠨ ᠰᠡᠷᠭᠡᠢᠢᠯᠡᠬᠦ ᠴᠢᠬᠤᠯᠠ ᠲᠠᠢ ᠭᠡᠵᠦ ᠴᠠᠭ ᠠᠭᠤᠷ ᠤᠨ ᠰᠠᠯᠠᠭ᠎ᠠ ᠮᠦᠴᠢᠷ ᠤᠨ ᠬᠢᠨ ᠰᠠᠨᠠᠭᠤᠯᠵᠤ ᠪᠠᠢᠢᠨ᠎ᠠ᠃

ᠢᠷᠡᠯᠳᠡ᠄ ᠲᠦᠪ ᠤᠨ ᠴᠠᠭ ᠠᠭᠤᠷ ᠤᠨ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠬᠠᠷᠠᠭ᠎ᠠ ᠵᠢ ᠪᠠᠶᠰᠬᠠᠬᠰᠠᠨ ᠬᠤᠷᠢᠮ ᠤᠨ ᠱᠠ ᠬᠤᠪᠴᠠᠰᠤᠨ ᠤ ᠦᠵᠡᠭᠦᠯᠦᠯᠭᠡ
  • 《ᠨᠠᠷᠠᠨ ᠤ ᠦᠷᠡᠰ》 ᠨᠢ ᠤᠨᠴᠠᠭᠠᠢ ᠫᠷᠦᠭ᠍ᠷᠠᠮ ᠨᠡᠪᠲᠡᠷᠡᠭᠦᠯᠬᠦ ᠪᠡᠷ ᠪᠤᠢ
  • ᠳᠤᠮᠳᠠᠳᠤ ᠤᠯᠤᠰ ᠤᠨ ᠨᠡᠷᠡᠲᠤ ᠮᠤᠳ᠋ᠸᠯᠴᠤᠳ ᠤᠨ ᠲᠡᠮᠡᠴᠡᠭᠡᠨ ᠠᠮᠵᠢᠯᠲᠠ ᠲᠠᠢ ᠦᠨᠳᠦᠷᠯᠡᠯ᠎ᠡ
  • ᠨᠢᠭᠡ ᠵᠢᠯ ᠳᠤ ᠬᠡᠷᠬᠢᠨ 100 ᠨᠤᠮ ᠤᠩᠰᠢᠬᠤ ᠪᠤᠢ?
关闭
010070230030000000000000011120791118509214