微信打开
蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭ᠋ᠤᠯ᠄ 10 ᠨᠢᠰᠬᠦ ᠤᠩᠭ᠋ᠤᠴᠠᠨ ᠤ ᠪᠠᠭᠤᠲᠠᠯ ᠢ ᠰᠢᠨ᠎ᠡ ᠪᠡᠷ ᠪᠠᠢᠢᠭᠤᠯᠬᠤ ᠪᠤᠶᠤ ᠦᠷᠭᠡᠳᠭᠡᠭᠦ ᠪᠡᠷ ᠪᠠᠢᠢᠨ᠎ᠠ

2016-05-09 16:06

    ᠡᠨᠡ ᠬᠤᠶᠠᠷ ᠵᠢᠯ ᠦᠪᠦᠷ ᠮᠤᠩᠭ᠋ᠤᠯ ᠠᠯᠠᠱᠠ ᠵᠡᠬᠦᠨ ᠬᠤᠰᠢᠭᠤᠨ ᠤ ᠨᠢᠰᠬᠦ ᠤᠩᠭ᠋ᠤᠴᠠᠨ ᠤ ᠪᠠᠭᠤᠲᠠᠯ ᠢ ᠦᠷᠭᠡᠳᠭᠡᠨ ᠪᠠᠢᠢᠭᠤᠯᠵᠤ᠂ ᠠᠷᠤ ᠬᠤᠷᠴᠢᠨ ᠵᠡᠷᠭᠡ 9 ᠬᠤᠰᠢᠭᠤ ᠰᠢᠶᠠᠨ ᠳ᠋ᠤ ᠨᠢᠰᠬᠦ ᠤᠩᠭ᠋ᠤᠴᠠᠨ ᠤ ᠪᠠᠭᠤᠲᠠᠯ ᠢ  ᠰᠢᠨ᠎ᠡ ᠪᠡᠷ ᠪᠠᠢᠢᠭᠤᠯᠬᠤ ᠪᠡᠷ ᠪᠠᠢᠢᠨ᠎ᠠ᠃

    ᠠᠯᠠᠱᠠ ᠵᠡᠬᠦᠨ ᠬᠤᠰᠢᠭᠤᠨ ᠤ ᠨᠢᠰᠬᠦ ᠤᠩᠭ᠋ᠤᠴᠠᠨ ᠤ ᠪᠠᠭᠤᠲᠠᠯ ᠢ ᠦᠷᠭᠡᠳᠭᠡᠬᠦ ᠠᠵᠢᠯ ᠢ ᠡᠨᠡ ᠵᠢᠯ ᠲᠠᠭᠤᠰᠬᠠᠨ᠎ᠠ᠃ ᠠᠯᠠᠱᠠ ᠵᠡᠬᠦᠨ ᠬᠤᠰᠢᠭᠤᠨ ᠤ ᠨᠢᠰᠬᠦ ᠤᠩᠭ᠋ᠤᠴᠠᠨ ᠤ ᠪᠠᠭᠤᠲᠠᠯ ᠪᠤᠯ ᠦᠪᠦᠷ ᠮᠤᠩᠭ᠋ᠤᠯ ᠤᠨ ᠠᠯᠠᠱᠠ ᠠᠢᠢᠮᠠᠭ ᠤᠨ ᠴᠤᠷ  ᠤᠨ ᠭᠠᠭᠴᠠ ᠭᠠᠲᠠᠭᠠᠲᠤ ᠯᠤᠭ᠎ᠠ ᠨᠡᠪᠲᠡᠷᠡᠬᠦ ᠨᠢᠰᠬᠦ ᠤᠩᠭ᠋ᠤᠴᠠᠨ ᠤ ᠪᠠᠭᠤᠲᠠᠯ ᠶᠤᠮ᠃ ᠦᠷᠭᠡᠳᠭᠡᠨ ᠪᠠᠢᠢᠭᠤᠯᠤᠭᠰᠠᠨ ᠤ ᠲᠠᠷᠠᠭ᠎ᠠ ᠤᠯᠠᠨ ᠲᠦᠷᠦᠯ ᠬᠡᠯᠪᠡᠷᠢ ᠶᠢᠨ ᠨᠢᠰᠬᠦ ᠤᠩᠭ᠋ᠤᠴᠠ ᠳ᠋ᠤ ᠲᠤᠬᠢᠷᠠᠬᠤ ᠪᠦᠭᠡᠳ ᠠᠭᠠᠷ ᠠᠶᠠᠯᠠᠯ ᠤᠨ ᠱᠤᠭᠤᠮ ᠢ ᠪᠦᠷᠢᠨᠰᠢᠭᠦᠯᠬᠦ ᠪᠤᠯᠤᠨ᠎ᠠ᠃

    2016 ᠤᠨ ᠳ᠋ᠤ ᠮᠠᠨᠭᠦ᠋ᠢ᠂ ᠠᠷᠤ ᠬᠤᠷᠴᠢᠨ᠂ ᠮᠤᠷᠢᠨᠲᠠᠪᠠᠭ᠎ᠠ᠂ ᠬᠠᠭᠤᠴᠢᠨ ᠪᠠᠷᠭᠤ ᠵᠡᠷᠭᠡ 4 ᠨᠢᠰᠬᠦ ᠤᠩᠭ᠋ᠤᠴᠠᠨ ᠤ ᠪᠠᠭᠤᠲᠠᠯ ᠢ ᠪᠠᠢᠢᠭᠤᠯᠵᠤ ᠲᠠᠭᠤᠰᠤᠨ᠎ᠠ᠃ ᠰᠢᠭᠤᠢ ᠲᠤᠭᠤᠷᠢᠭ᠂ ᠤᠲᠤᠭ ᠤᠨ ᠡᠮᠦᠨᠡᠲᠦ ᠬᠤᠰᠢᠭᠤ᠂ ᠲᠠᠷᠬᠠᠨ ᠮᠤᠤᠮᠢᠩᠭ᠋ᠠᠨ ᠬᠤᠯᠪᠤᠭᠠᠲᠤ ᠬᠤᠰᠢᠭᠤ᠂ ᠴᠢᠩ ᠱᠦᠢ ᠡᠾᠸ᠂ ᠯᠢᠶᠠᠩ ᠴᠸᠩ ᠰᠢᠶᠠᠨ ᠵᠡᠷᠭᠡ 5 ᠨᠡᠢᠢᠲᠡᠮ ᠬᠡᠷᠡᠭᠯᠡᠭᠡᠨ ᠤ ᠨᠢᠰᠬᠦ ᠤᠩᠭ᠋ᠤᠴᠠᠨ ᠤ ᠪᠠᠭᠤᠲᠠᠯ ᠢ 2016 ᠤᠨ ᠳ᠋ᠤ ᠪᠠᠷᠢᠯᠭ᠎ᠠ ᠡᠬᠢᠯᠡᠭᠦᠯᠵᠦ᠂ 2017 ᠤᠨ ᠳ᠋ᠤ ᠪᠠᠢᠢᠭᠤᠯᠵᠤ ᠲᠠᠭᠤᠰᠬᠠᠨ᠎ᠠ᠃ 7.2 ᠳ᠋ᠦᠩᠰᠢᠭᠤᠷ ᠲᠦᠭᠦᠷᠢᠭ᠌ ᠤᠨ ᠬᠦᠷᠦᠩᠭᠡ ᠤᠷᠤᠭᠤᠯᠬᠤ ᠪᠡᠷ ᠪᠤᠢ᠃ ᠲᠤᠰ ᠨᠡᠢᠢᠲᠡᠮ ᠬᠡᠷᠡᠭᠯᠡᠭᠡᠨ ᠤ ᠨᠢᠰᠬᠦ ᠤᠩᠭ᠋ᠤᠴᠠᠨ ᠤ ᠪᠠᠭᠤᠲᠠᠯ  ᠠᠰᠢᠭᠯᠠᠯᠲᠠ ᠳ᠋ᠤ ᠤᠷᠤᠭᠰᠠᠨ ᠤ ᠲᠠᠷᠠᠭ᠎ᠠ ᠪᠦᠬᠦ ᠤᠷᠤᠨ ᠤ ᠠᠭᠠᠷ ᠠᠶᠠᠯᠠᠯ ᠤᠨ ᠰᠢᠰᠲ᠋ᠸᠮ ᠤᠨ ᠪᠠᠢᠢᠭᠤᠯᠤᠯᠲᠠ ᠶᠢ ᠲᠦᠷᠭᠡᠳᠭᠡᠨ᠂ ᠠᠵᠤ ᠦᠢᠯᠡᠰ ᠤᠨ ᠪᠦᠲᠦᠴᠡ ᠶᠢ ᠰᠢᠯᠢᠲᠡᠭᠵᠢᠬᠦᠯᠦᠨ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠴᠢᠲᠠᠪᠤᠷᠢ ᠶᠢ ᠨᠡᠮᠡᠭᠲᠡᠬᠦᠯᠦᠨ᠎ᠡ᠃

ᠢᠷᠡᠯᠳᠡ᠄ ᠦᠪᠦᠷ ᠮᠤᠩᠭ᠋ᠤᠯ ᠤᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠾᠧᠪᠷᠧᠨ ᠤ ᠮᠠᠯᠠᠭᠠᠢ ᠶᠢᠨ ᠵᠠᠰᠠᠯ ᠤᠳ
  • ᠠᠩᠭ᠍ᠯᠢ ᠤᠯᠤᠰ ᠲᠤ ᠬᠦᠮᠦᠰ ᠡᠷᠲᠡᠨ ᠤ ᠪᠠᠶᠠᠷ ᠢᠶᠡᠨ ᠪᠡᠯᠭᠡᠯᠡᠵᠦ ᠪᠤᠢ
  • 400 ᠲᠦᠮᠡᠨ ᠰᠦᠯᠢᠶᠤᠤ ᠯᠤᠨᠭᠬᠤ ᠪᠡᠷ 《ᠤᠳᠤᠳ ᠲᠦᠭᠡᠭ᠍ᠰᠡᠨ ᠰᠦᠨᠢ》ᠵᠢᠷᠤᠬ ᠢ ᠳᠠᠬᠢᠨ ᠪᠦᠲᠦᠭᠡᠪᠡ
  • 《ᠬᠦᠬᠡ ᠲᠤᠯᠪᠤ》ᠪᠦᠵᠢᠭ᠍ᠲᠤ ᠵᠦᠴᠦᠭᠡ ᠬᠦᠬᠡᠬᠤᠲᠠ ᠶᠢᠨ ᠦᠵᠡᠭ᠍ᠴᠢᠳ ᠲᠠᠢ ᠵᠤᠯᠭᠠᠯ᠎ᠠ
关闭
010070230030000000000000011120791118832556