微信打开
蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ 5 ᠭᠠᠴᠠᠭ᠎ᠠ 《ᠤᠯᠤᠰ ᠲᠠᠶᠠᠭᠠᠷ ᠤᠨ ᠠᠮᠢ ᠠᠬᠤᠢ ᠶᠢᠨ ᠰᠤᠶᠤᠯ ᠲᠠᠢ ᠭᠠᠴᠠᠭ᠎ᠠ》 ᠪᠡᠷ ᠴᠤᠯᠠᠯᠠᠭᠳᠠᠪᠠ

2016-08-05 16:58

    8 ᠰᠠᠷ᠎ᠠ ᠶᠢᠨ 3 ᠤ ᠡᠳᠦᠷ ᠰᠤᠷᠪᠤᠯᠵᠢᠯᠠᠭᠴᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠢ ᠰᠢᠭᠤᠢ ᠶᠢᠨ ᠳᠢᠩᠬᠢᠮ ᠡᠴᠡ ᠤᠶᠢᠯᠠᠭᠠᠭᠰᠠᠨ ᠢᠶᠡᠷ᠂ ᠳᠤᠮᠳᠠᠳᠤ ᠤᠯᠤᠰ ᠤᠨ ᠠᠮᠢ ᠠᠬᠤᠢ ᠶᠢᠨ ᠰᠤᠶᠤᠯ ᠤᠨ ᠨᠡᠶᠢᠬᠡᠮᠯᠢᠭ ᠤᠨ ᠵᠤᠬᠢᠶᠠᠨ ᠪᠠᠶᠢᠭᠤᠯᠤᠭᠰᠠᠨ《ᠤᠯᠤᠰ ᠲᠠᠶᠠᠭᠠᠷ ᠤᠨ ᠠᠮᠢ ᠠᠬᠤᠢ ᠶᠢᠨ ᠰᠤᠶᠤᠯ ᠲᠠᠢ ᠭᠠᠴᠠᠭ᠎ᠠ》  ᠶᠢ ᠰᠤᠩᠭᠤᠨ ᠰᠢᠯᠭᠠᠷᠠᠭᠤᠯᠬᠤ ᠠᠵᠢᠯᠯᠠᠭ᠎ᠠ ᠪᠡᠷ ᠨᠡᠶᠢᠳᠡ 122 ᠳᠤᠰᠬᠤᠨ ᠳᠤᠰ ᠢᠷᠠᠭᠤ ᠠᠯᠳᠠᠷ ᠢ ᠬᠦᠷᠳᠡᠵᠤ᠂ ᠡᠬᠦᠨ ᠳᠤ ᠦᠪᠦᠷ ᠮᠤᠩᠭᠤᠯ ᠤᠨ 5 ᠭᠠᠴᠠᠭ᠎ᠠ ᠪᠠᠭᠳᠠᠭᠰᠠᠨ ᠪᠠᠶᠢᠨ᠎ᠠ᠃ ᠡᠳᠡᠬᠡᠷ ᠨᠢ᠄

    ᠠᠯᠠᠱᠠ ᠠᠶᠢᠮᠠᠭ ᠤᠨ ᠡᠵᠡᠨ᠎ᠡ ᠬᠤᠰᠢᠭᠤᠨ ᠤ ᠪᠠᠶᠠᠠᠳᠤᠯᠤᠭᠠᠢ ᠰᠤᠮᠤ ᠶᠢᠨ ᠦᠰᠦᠷᠦᠩᠬᠦᠢ ᠭᠠᠴᠠᠭ᠎ᠠ

    ᠤᠯᠠᠭᠠᠨᠴᠠᠪ ᠬᠤᠳᠠ ᠶᠢᠨ ᠯᠢᠶᠠᠩ ᠴᠧᠩ ᠰᠢᠶᠠᠨ ᠤ ᠳ᠋ᠠᠢ ᠬᠠᠢ ᠵᠢᠭᠤᠯᠴᠢᠯᠠᠯ ᠤᠨ ᠪᠦᠰᠡ ᠶᠢᠨ ᠬᠡᠷᠡᠭ ᠡᠷᠬᠢᠯᠡᠬᠦ ᠭᠠᠵᠠᠷ ᠤᠨ ᠭᠤᠷᠪᠠᠨ ᠰᠤᠮᠤ ᠭᠠᠴᠠᠭ᠎ᠠ

    ᠳᠦᠩᠯᠢᠶᠤᠤ ᠬᠤᠳᠠ ᠶᠢᠨ ᠬᠤᠷᠴᠢᠨ ᠵᠡᠬᠦᠨ ᠭᠠᠷᠤᠨ ᠳᠤᠮᠳᠠᠳᠤ ᠬᠤᠰᠢᠭᠤᠨ ᠤ ᠬᠤᠧᠠᠳᠤᠭᠤᠯ ᠪᠠᠯᠭᠠᠰᠤᠨ ᠤ ᠬᠤᠷᠤᠭᠠᠨ ᠠᠶᠢᠯ ᠭᠠᠴᠠᠭ᠎ᠠ

    ᠬᠢᠩᠭᠠᠨ ᠠᠶᠢᠮᠠᠭ ᠤᠨ ᠤᠯᠠᠭᠠᠨᠬᠤᠳᠠ ᠶᠢᠨ ᠢᠯᠠᠯᠳᠠ ᠰᠢᠶᠠᠩ ᠤᠨ ᠢᠯᠠᠯᠳᠠ ᠭᠠᠴᠠᠭ᠎ᠠ

    ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ ᠨᠠᠷᠠᠳᠤ ᠰᠤᠮᠤ ᠶᠢᠨ ᠭᠤᠭᠤᠰᠤᠳᠠᠢ ᠭᠠᠴᠠᠭ᠎ᠠ

ᠢᠷᠡᠯᠳᠡ᠄ ᠦᠪᠦᠷ ᠮᠤᠩᠭ᠋ᠤᠯ ᠤᠨ ᠮᠡᠳᠡᠬᠡ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠬᠠᠰᠠᠷ ᠬᠢᠭᠡᠳ ᠬᠤᠷᠴᠢᠨ ᠤ ᠲᠡᠦᠬᠡ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠪᠤᠯᠪᠠ
  • ᠮᠤᠨᠭᠭᠤᠯ ᠤᠯᠤᠰ ᠤᠨ ᠺᠠᠷᠲ᠋ᠤᠨ ᠬᠡᠤᠬᠡᠯᠳᠡᠢ ᠨᠤᠮ《ᠴᠢᠩᠬᠢᠰ ᠬᠠᠭᠠᠨ》ᠮᠤᠨᠭᠭᠤᠯ ᠬᠢᠳᠠᠳ ᠪᠢᠴᠢᠭ᠌ ᠢᠶᠡᠷ ᠬᠡᠪᠯᠡᠭᠳᠡᠨ ᠤᠩᠰᠢᠭᠴᠢᠳ ᠲᠠᠢ ᠵᠤᠯᠭᠠᠯ᠎ᠠ
  • ᠳ᠋ᠤ᠋﹒ᠳᠦᠮᠡᠨᠪᠠᠶᠠᠷ ᠪᠦᠬᠦ ᠤᠯᠤᠰ ᠤᠨ ᠠᠷᠪᠠᠨ ᠨᠡᠷᠡᠳᠦ ᠤᠩᠰᠢᠭᠴᠢ ᠶᠢᠨ ᠨᠢᠭᠡᠨ ᠢᠶᠡᠷ ᠲᠤᠳᠤᠷᠠᠯ᠎ᠠ
  • ᠦᠪᠦᠷ ᠮᠤᠩᠭ᠋ᠤᠯ ᠤᠨ ᠤᠳᠤᠭ ᠬᠤᠰᠢᠭᠤᠨ ᠤ ᠪᠠᠭᠠᠲᠤᠷ ᠤᠯᠠᠭᠠᠨ ᠤᠪᠤᠭ᠎ᠠ ᠶᠢᠨ ᠲᠠᠬᠢᠯᠭ᠎ᠠ ᠨᠢᠵᠢᠭᠡᠷ ᠪᠤᠯᠵᠦ ᠦᠩᠭᠡᠷᠡᠯ᠎ᠡ
关闭
010070230030000000000000011100001119344639