微信打开
蒙古文网站Logo
ᠰᠢᠨᠬᠤᠸᠠ ᠮᠤᠩᠭ᠋ᠤᠯ ᠨᠧᠲ

《ᠮᠣᠩᠭᠣᠯ  ᠤᠨ ᠨᠢᠭᠤᠴᠠ ᠲᠣᠪᠴᠢᠶᠠᠨ》 ᠢ ᠲᠣᠷᠭᠠᠨ ᠳᠤ ᠬᠠᠳᠬᠤᠮᠠᠯᠯᠠᠨ ᠭᠢᠨᠢᠰ ᠲᠤ ᠲᠡᠮᠳᠡᠭᠯᠡᠭᠦᠯᠦᠭᠰᠠᠨ ᠪᠦᠰᠡᠭᠦᠢ ᠨᠠᠶᠢᠷᠠᠭᠴᠢ ᠎ ᠮ・ᠠᠯᠤᠰ

2016-08-09 08:35

    ᠮ・ᠠᠯᠤᠰ᠂ 1970 ᠤᠨ ᠳᠤ ᠠᠷᠤ ᠬᠤᠷᠴᠢᠨ ᠬᠤᠰᠢᠭᠤᠨ ᠤ ᠪᠠᠶᠠᠨᠪᠤᠯᠠᠭ ᠰᠤᠮᠤ ᠶᠢᠨ ᠪᠤᠷᠭᠠᠰᠤ ᠭᠠᠴᠠᠭᠠᠨ ᠤ ᠮᠠᠯᠴᠢᠨ ᠮᠤᠨᠵᠠᠢ᠂ ᠴᠠᠭᠰᠠᠯᠮ᠎ᠠ ᠶᠢᠨ ᠡᠷᠪᠡᠢ ᠠᠷᠪᠡᠨ ᠦᠷ᠎ᠡ ᠶᠢᠨ ᠬᠢᠨᠢ ᠤᠳᠬᠤᠨ ᠦᠬᠢᠨ ᠨᠢ ᠪᠤᠯᠵᠤ ᠵᠠᠶᠠᠭᠠᠵᠠᠢ᠃ ᠳᠡᠭᠡᠷ᠎ᠡ ᠵᠠᠭᠤᠨ ᠤ ᠨᠠᠶᠠᠭᠠᠳ ᠤᠨ ᠡᠴᠡ ᠡᠬᠢᠯᠡᠨ ᠤᠷᠠᠨ ᠪᠦᠲᠦᠭᠡᠯ ᠲᠤᠭᠤᠷᠪᠢᠵᠤ ᠤᠷᠤᠨ ᠤ ᠳᠤᠲᠤᠷᠠᠬᠢ ᠰᠤᠨᠢᠨ ᠰᠡᠳᠬᠦᠯ ᠤᠳ ᠢᠶᠡᠷ ᠬᠤᠶᠠᠷ ᠵᠠᠭᠤᠭᠠᠳ ᠪᠦᠲᠦᠭᠡᠯ ᠢᠶᠡᠨ ᠨᠡᠶᠢᠲᠡᠯᠡᠭᠦᠯᠵᠡᠢ᠃《ᠲᠡᠭᠷᠢ ᠶᠢᠨ ᠪᠤᠲᠤᠭᠤ》᠂《ᠬᠢᠯᠦᠭᠡᠨ ᠤᠶᠠᠩᠭ᠎ᠠ》᠂《ᠦᠯᠡᠮᠵᠢ ᠶᠢᠨ ᠴᠢᠨᠡᠷ》᠂《ᠮᠢᠨᠭᠭᠠᠲᠤ ᠤᠳᠤᠨ》᠂《ᠰᠦ᠋ ᠶᠢᠨ ᠰᠠᠴᠤᠯᠢ》᠂《ᠪᠠᠷᠭᠤᠵᠢᠨ ᠭᠤᠣ᠎ᠠ 》ᠵᠡᠷᠭᠡ ᠤᠯᠤᠰ ᠤᠷᠤᠨ ᠠᠶᠢᠮᠠᠭ ᠬᠤᠰᠢᠭᠤᠨ ᠤ ᠤᠷᠤᠯᠳᠤᠭᠠᠨ ᠳᠦ ᠲᠦᠴᠢᠭᠡᠳ ᠤᠳᠠᠭ᠎ᠠ ᠤᠷᠤᠯᠴᠠᠵᠤ ᠠᠮᠵᠢᠯᠲᠠ ᠳᠦ ᠬᠦᠷᠴᠤ ᠶᠠᠪᠤᠵᠠᠢ᠃ 《ᠠᠮᠢᠳᠤᠷᠠᠯ ᠪᠦᠰᠡᠭᠦᠢ ᠬᠦᠮᠦᠨ ᠤ ᠬᠢ 》 ᠬᠡᠮᠡᠬᠦ ᠰᠢᠯᠦᠭ ᠤᠨ ᠲᠡᠭᠦᠪᠦᠷᠢ ᠲᠠᠢ᠃ ᠲᠠᠪᠤᠨ ᠵᠢᠯ ᠤᠨ ᠬᠤᠭᠤᠴᠠᠭ᠎ᠠ ᠬᠡᠷᠡᠭᠯᠡᠵᠤ 《ᠮᠣᠩᠭᠣᠯ ᠤᠨ ᠨᠢᠭᠤᠴᠠ ᠲᠤᠪᠴᠢᠶᠠᠨ》 ᠢ ᠬᠠᠳᠬᠤᠮᠠᠯᠯᠠᠨ ᠤᠷᠠᠯᠠᠵᠤ ᠭᠢᠨᠢᠰ ᠤᠨ ᠲᠡᠮᠳᠡᠭᠯᠡᠯ ᠳᠦ ᠪᠦᠷᠢᠳᠭᠡᠭᠦᠯᠤᠭᠡᠳ ᠳᠤᠮᠳᠠᠳᠤ ᠶᠢᠨ ᠠᠷᠠᠳ ᠤᠨ ᠤᠷᠠᠯᠢᠭ ᠤᠨ ᠭᠤᠴᠤ ᠪᠦᠲᠦᠭᠡᠯ ᠢᠶᠡᠷ ᠦᠨᠡᠯᠡᠭᠳᠡᠵᠠᠢ᠃ 2007-2014 ᠤᠨ ᠤ ᠬᠤᠭᠤᠷᠤᠨᠳᠤᠬᠢ ᠪᠦᠲᠦᠭᠡᠯ ᠡᠴᠡ ᠪᠡᠨ ᠤᠬᠤᠷ ᠰᠢᠯᠦᠭ ᠢᠶᠡᠨ ᠰᠤᠩᠭᠤᠨ ᠬᠠᠳᠬᠤᠮᠠᠯᠯᠠᠵᠤ 2015 ᠤᠨ ᠤ ᠡᠬᠢᠨ ᠳᠦ 《ᠠᠯᠠᠭᠠᠨ ᠳᠡᠭᠡᠷ᠎ᠡ ᠪᠠᠭᠤᠬᠤ ᠠᠮᠠᠷᠠᠭ ᠦᠳᠤᠨ》 ᠬᠡᠮᠡᠬᠦ ᠬᠤᠶᠠᠳᠤᠭᠠᠷ ᠲᠡᠭᠦᠪᠦᠷᠢ ᠪᠡᠨ ᠭᠠᠷ ᠡᠴᠡ ᠪᠡᠨ ᠭᠠᠷᠭᠠᠵᠠᠢ᠃

    2013 ᠤᠨ ᠳᠦ 《ᠯᠦ ᠰᠢᠶᠦ᠋ᠨ ᠤᠳᠬ᠎ᠠ ᠵᠤᠬᠢᠶᠠᠯ ᠤᠨ ᠲᠡᠭᠡᠲᠤ ᠰᠤᠷᠭᠠᠭᠤᠯᠢ》 ᠶᠢᠨ ᠦᠪᠦᠷ ᠮᠣᠩᠭᠣᠯ ᠳᠡᠬᠢ ᠴᠦᠬᠡᠨ ᠲᠤᠭᠠᠲᠤ ᠦᠨᠳᠦᠰᠦᠲᠡᠨ ᠤ ᠲᠠᠪᠲᠠᠨ ᠪᠤᠯᠪᠠᠰᠤᠷᠠᠭᠤᠯᠬᠤ ᠠᠩᠭᠢ ᠳᠦ ᠰᠤᠷᠤᠯᠴᠠᠵᠠᠢ᠃ ᠲᠡᠷᠡᠪᠡᠷ ᠳᠤᠮᠳᠠᠳᠤ ᠤᠯᠤᠰ ᠤᠨ ᠴᠦᠬᠡᠨ ᠲᠤᠭᠠᠲᠤ ᠦᠨᠳᠦᠰᠦᠲᠡᠨ ᠤ ᠵᠤᠬᠢᠶᠠᠯᠴᠢᠳ ᠤᠨ ᠡᠪᠯᠡᠯ ᠤᠨ ᠭᠡᠰᠢᠭᠦᠨ᠂ ᠦᠪᠦᠷ ᠮᠣᠩᠭᠣᠯ ᠤᠨ ᠵᠤᠬᠢᠶᠠᠯᠴᠢᠳ ᠤᠨ ᠨᠡᠶᠢᠭᠡᠮᠯᠢᠭ᠌ ᠤᠨ ᠭᠡᠰᠢᠭᠦᠨ᠂ ᠠᠷᠤ ᠬᠤᠷᠴᠢᠨ ᠬᠤᠰᠢᠭᠤᠨ ᠤ ᠮᠣᠨᠭᠭᠣᠯ ᠵᠤᠬᠢᠶᠠᠯᠴᠢᠳ ᠤᠨ ᠨᠠᠶᠢᠭᠡᠮᠯᠢᠭ᠌ ᠤᠨ ᠪᠠᠶᠢᠩᠭ᠋ᠤ ᠶᠢᠨ ᠬᠡᠷᠡᠭ ᠡᠷᠬᠢᠯᠡᠭᠴᠢ᠃ ᠤᠳᠤᠬᠠᠨ ᠳᠦ 《ᠴᠢᠩᠭᠢᠰ ᠤᠨ ᠪᠢᠯᠢᠭ᠌ ᠰᠤᠷᠭᠠᠯ》 ᠢ ᠲᠡᠨᠢᠭᠡᠷ ᠴᠢᠯᠠᠭᠤᠨ ᠳᠡᠭᠡᠷ᠎ᠡ ᠬᠢᠲᠠᠳ ᠮᠣᠩᠭᠣᠯ ᠢᠶᠡᠷ ᠰᠡᠶᠢᠯᠦᠨ ᠪᠦᠲᠦᠭᠡᠬᠦ ᠠᠵᠢᠯ ᠤᠨ ᠭᠠᠷᠤᠭᠠᠨ ᠳᠠᠭᠠᠨ ᠪᠤᠢ᠃

 

ᠢᠷᠡᠯᠳᠡ᠄ ᠰᠢᠨᠬᠣᠧᠠ ᠮᠣᠩᠭᠣᠯ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠬᠠᠰᠠᠷ ᠬᠢᠭᠡᠳ ᠬᠤᠷᠴᠢᠨ ᠤ ᠲᠡᠦᠬᠡ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠪᠤᠯᠪᠠ
  • ᠮᠤᠨᠭᠭᠤᠯ ᠤᠯᠤᠰ ᠤᠨ ᠺᠠᠷᠲ᠋ᠤᠨ ᠬᠡᠤᠬᠡᠯᠳᠡᠢ ᠨᠤᠮ《ᠴᠢᠩᠬᠢᠰ ᠬᠠᠭᠠᠨ》ᠮᠤᠨᠭᠭᠤᠯ ᠬᠢᠳᠠᠳ ᠪᠢᠴᠢᠭ᠌ ᠢᠶᠡᠷ ᠬᠡᠪᠯᠡᠭᠳᠡᠨ ᠤᠩᠰᠢᠭᠴᠢᠳ ᠲᠠᠢ ᠵᠤᠯᠭᠠᠯ᠎ᠠ
  • ᠳ᠋ᠤ᠋﹒ᠳᠦᠮᠡᠨᠪᠠᠶᠠᠷ ᠪᠦᠬᠦ ᠤᠯᠤᠰ ᠤᠨ ᠠᠷᠪᠠᠨ ᠨᠡᠷᠡᠳᠦ ᠤᠩᠰᠢᠭᠴᠢ ᠶᠢᠨ ᠨᠢᠭᠡᠨ ᠢᠶᠡᠷ ᠲᠤᠳᠤᠷᠠᠯ᠎ᠠ
  • ᠦᠪᠦᠷ ᠮᠤᠩᠭ᠋ᠤᠯ ᠤᠨ ᠤᠳᠤᠭ ᠬᠤᠰᠢᠭᠤᠨ ᠤ ᠪᠠᠭᠠᠲᠤᠷ ᠤᠯᠠᠭᠠᠨ ᠤᠪᠤᠭ᠎ᠠ ᠶᠢᠨ ᠲᠠᠬᠢᠯᠭ᠎ᠠ ᠨᠢᠵᠢᠭᠡᠷ ᠪᠤᠯᠵᠦ ᠦᠩᠭᠡᠷᠡᠯ᠎ᠡ
关闭
010070230030000000000000011120791119357925