微信打开
蒙古文网站Logo
ᠰᠢᠨᠬᠤᠸᠠ ᠮᠤᠩᠭ᠋ᠤᠯ ᠨᠧᠲ

ᠮᠤᠨᠭᠭᠤᠯ ᠡᠮ ᠡᠮᠨᠡᠯᠭᠡ ᠶᠢᠨ ᠳᠠᠶᠠᠭᠠᠷᠴᠢᠯᠠᠯᠲᠠ ᠵᠢ ᠠᠬᠢᠭᠤᠯᠬᠤ ᠬᠤᠷᠠᠯ ᠠᠮᠵᠢᠯᠲᠠ ᠲᠠᠢ ᠪᠤᠯᠵᠦ ᠦᠩᠭᠡᠷᠡᠯ᠎ᠡ

2016-08-09 11:50

    ᠰᠢᠨᠬᠤᠸᠠ ᠮᠤᠨᠭᠭᠤᠯ ᠨᠧᠲ  ᠰᠢᠯᠢᠩᠬᠤᠲᠠ ᠶᠢᠨ 8 ᠰᠠᠷ᠎ᠠ ᠶᠢᠨ 9 ᠤ᠋ ᠡᠳᠦᠷ ᠤᠨ ᠴᠠᠬᠢᠯᠭᠠᠨ ᠮᠡᠳᠡᠭᠡ(ᠰᠠᠷᠠᠨᠲᠦᠶᠠᠭ᠎ᠠ) ᠪᠦᠬᠦ ᠤᠯᠤᠰ ᠤᠨ ᠠᠨᠭᠬᠠᠳᠠᠬᠴᠢ ᠤᠳᠠᠭᠠᠨ ᠤ ᠮᠤᠨᠭᠭᠤᠯ ᠡᠮ ᠡᠮᠨᠡᠯᠭᠡ ᠶᠢᠨ ᠶᠡᠬᠡ ᠬᠤᠷᠠᠯ ᠤᠨ ᠨᠢᠭᠡᠨ ᠴᠢᠬᠤᠯᠠ ᠠᠭᠤᠯᠭ᠎ᠠ ᠪᠤᠯᠬᠤ ᠮᠤᠨᠭᠭᠤᠯ ᠡᠮ ᠡᠮᠨᠡᠯᠭᠡ ᠶᠢᠨ ᠳᠠᠶᠠᠭᠠᠷᠴᠢᠯᠯᠠᠲᠠ ᠵᠢ ᠠᠬᠢᠭᠤᠯᠬᠤ ᠬᠤᠷᠠᠯ 8 ᠰᠠᠷ᠎ᠠ ᠶᠢᠨ 8 ᠤ᠋ ᠤᠷᠤᠢ ᠰᠢᠯᠢᠨᠭᠬᠤᠲᠠ ᠳᠤ ᠠᠮᠵᠢᠯᠲᠠ ᠲᠠᠢ ᠪᠤᠯᠵᠦ ᠦᠩᠭᠡᠷᠡᠯ᠎ᠡ᠃

    ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠡᠷᠡᠭᠦᠯ ᠮᠡᠨᠳᠤ ᠲᠦᠯᠦᠪᠯᠡᠭᠡᠲᠤ ᠦᠷᠡᠵᠢᠯ ᠤᠨ ᠵᠦᠪᠯᠡᠯ ᠤᠨ ᠨᠠᠮ ᠤᠨ ᠳᠤᠭᠤᠶᠢᠯᠠᠩ ᠤᠨ ᠭᠡᠰᠢᠭᠦᠨ᠂ ᠮᠤᠨᠭᠭᠤᠯ ᠬᠢᠲᠠᠳ ᠡᠮ ᠤᠨ ᠬᠠᠮᠢᠶᠠᠷᠤᠯᠲᠠ ᠶᠢᠨ ᠲᠤᠪᠴᠢᠶ᠎ᠠ ᠶᠢᠨ ᠳᠠᠷᠤᠭ᠎ᠠ᠂ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠮᠤᠨᠭᠭᠤᠯ ᠡᠮ ᠡᠮᠨᠡᠯᠭᠡ ᠶᠢᠨ ᠨᠡᠶᠢᠭᠡᠮᠯᠢᠭ᠌ ᠤᠨ ᠳᠠᠷᠤᠭ᠎ᠠ ᠤᠯᠠᠭᠠᠨ ᠬᠤᠷᠠᠯ ᠡᠷᠬᠢᠯᠡᠪᠡ᠃

    ᠳᠤᠮᠳᠠᠳᠤ ᠤᠯᠤᠰ ᠤᠨ ᠦᠨᠳᠦᠰᠦᠲᠡᠨ ᠤ ᠡᠮ ᠡᠮᠨᠡᠯᠭᠡ ᠶᠢᠨ ᠨᠡᠶᠢᠭᠡᠮᠯᠢᠭ᠌ ᠤᠨ ᠤᠳᠤᠷᠢᠳᠤᠯᠭ᠎ᠠ᠂ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠮᠤᠨᠭᠭᠤᠯ ᠡᠮ ᠡᠮᠨᠡᠯᠭᠡ ᠶᠢᠨ ᠨᠡᠶᠢᠭᠡᠮᠯᠢᠭ᠌ ᠤᠨ ᠤᠳᠤᠷᠢᠳᠤᠯᠭ᠎ᠠ ᠪᠠ ᠭᠡᠰᠢᠭᠦᠳ᠂ ᠭᠠᠨᠰᠤ᠂ ᠰᠢᠨᠵᠢᠶᠠᠩ᠂ ᠯᠢᠶᠤᠤᠨᠢᠩ ᠵᠡᠷᠭᠡ ᠨᠠᠶ᠋ᠮᠠᠨ ᠮᠤᠵᠢ ᠤᠷᠤᠨ ᠤ ᠮᠤᠨᠭᠭᠤᠯ ᠡᠮ ᠡᠮᠨᠡᠯᠭᠡ ᠶᠢᠨ ᠲᠦᠯᠦᠭᠡᠯᠡᠭᠴᠢᠳ ᠪᠠ ᠲᠦᠪᠡᠳ᠂ ᠬᠤᠲᠤᠩ᠂ ᠵᠤᠸᠠᠩ ᠵᠡᠷᠭᠡ ᠪᠤᠰᠤᠳ ᠦᠨᠳᠦᠰᠦᠲᠡᠨ ᠤ ᠡᠮ ᠡᠮᠨᠡᠯᠭᠡ ᠶᠢᠨ ᠡᠷᠳᠡᠮᠲᠡᠨ ᠰᠤᠳᠤᠯᠭᠠᠲᠠᠳ ᠬᠤᠷᠠᠯ ᠳᠤ ᠰᠠᠭᠠᠲᠠᠵᠦ᠂ ᠦᠨᠳᠦᠰᠦᠲᠡᠨ ᠤ ᠡᠮ ᠡᠮᠨᠡᠯᠭᠡ᠂ ᠢᠯᠠᠨᠭᠭᠤᠶ᠎ᠠ ᠮᠤᠨᠭᠭᠤᠯ ᠡᠮ ᠡᠮᠨᠡᠯᠭᠡ ᠶᠢᠨ ᠪᠡᠯᠡᠳᠬᠡᠯ ᠲᠦᠬᠦᠭᠡᠷᠦᠮᠵᠢ᠂ ᠡᠮᠴᠢ ᠠᠵᠢᠯᠲᠠᠨ᠂ ᠡᠮᠴᠢᠯᠡᠭᠡᠨ ᠤ ᠦᠷ᠎ᠡ ᠪᠦᠲᠦᠭᠡᠯ᠂ ᠮᠡᠷᠭᠡᠵᠢᠯ ᠪᠤᠯᠪᠠᠰᠤᠷᠠᠯ᠂ ᠠᠵᠢᠯ ᠤᠯᠭᠤᠯᠲᠠ ᠵᠡᠷᠬᠡ ᠲᠠᠯ᠎ᠠ ᠪᠡᠷ ᠦᠪᠡᠷ ᠦᠪᠡᠷ ᠤᠨ ᠦᠵᠡᠯᠲᠡ ᠪᠠᠨ ᠳᠡᠯᠭᠡᠬᠦ ᠶᠢᠨ ᠬᠠᠮᠲᠤ ᠦᠨᠳᠦᠰᠦᠲᠡᠨ ᠤ ᠡᠮ ᠡᠮᠨᠡᠯᠭᠡ ᠶᠢᠨ ᠭᠦᠭ᠍ᠵᠢᠯᠲᠡ ᠨᠢ ᠲᠦᠷᠦ ᠶᠢᠨ ᠪᠤᠳᠤᠯᠭ᠎ᠠ ᠪᠠ ᠬᠠᠤᠯᠢ ᠳᠦᠷᠢᠮ ᠤᠨ ᠳᠡᠮᠵᠢᠯᠭᠡ ᠳᠤ ᠲᠦᠰᠢᠭᠯᠡᠨ᠎ᠡ ᠭᠡᠵᠦ ᠰᠠᠨᠠᠯ ᠨᠢᠭᠡᠲᠡᠢ ᠵᠦᠪᠰᠢᠶᠠᠷᠡᠵᠡᠭᠡᠵᠦ ᠪᠠᠶᠢᠯ᠎ᠠ᠃

    ᠳᠤᠮᠳᠠᠳᠤ ᠤᠯᠤᠰ ᠤᠨ ᠦᠨᠳᠦᠰᠦᠲᠡᠨ ᠤ ᠡᠮ ᠡᠮᠨᠡᠯᠭᠡ ᠶᠢᠨ ᠨᠡᠶᠢᠭᠡᠮᠯᠢᠭ᠌ ᠤᠨ ᠪᠠᠶᠢᠨᠭᠭᠤ ᠶᠢᠨ ᠳᠡᠳ᠋ ᠳᠠᠷᠤᠭ᠎ᠠ᠂ ᠨᠠᠷᠢᠨ ᠪᠢᠴᠢᠭ᠌ ᠤᠨ ᠳᠠᠷᠤᠭ᠎ᠠ ᠯᠢ ᠸᠧᠨ ᠯᠢᠶᠠᠩ ᠬᠤᠷᠠᠯ ᠳᠤ ᠤᠷᠤᠯᠴᠠᠬᠰᠠᠨ ᠬᠦᠮᠦᠰ ᠤᠨ ᠰᠠᠨᠠᠯ ᠢ ᠰᠤᠨᠤᠰᠬᠤ ᠶᠢᠨ ᠳᠠᠭᠠᠤ ᠡᠶᠢᠮᠦᠷᠬᠦ ᠬᠤᠷᠠᠯ ᠬᠤᠶᠢᠰᠢᠲᠠ ᠢᠯᠡᠭᠦᠬᠡᠨ ᠵᠤᠬᠢᠶᠠᠨ ᠪᠠᠶᠢᠭᠤᠯᠤᠬᠳᠠᠵᠦ᠂ ᠦᠨᠳᠦᠰᠦᠲᠡᠨ ᠨᠤᠭᠦᠳ ᠤᠨ ᠡᠮ ᠡᠮᠨᠡᠯᠭᠡ ᠶᠢᠨ ᠡᠷᠳᠡᠮᠲᠡᠳ ᠤᠨ ᠰᠠᠨᠠᠯ ᠳᠤᠷᠠᠳᠤᠯᠭ᠎ᠠ ᠵᠢ ᠬᠤᠷᠢᠶᠠᠨ᠂ ᠦᠨᠳᠦᠰᠦᠲᠡᠨ ᠤ ᠡᠮ ᠡᠮᠨᠡᠯᠭᠡ ᠶᠢᠨ ᠲᠤᠬᠠᠢ ᠲᠦᠷᠦ ᠶᠢᠨ ᠪᠤᠳᠤᠯᠭ᠎ᠠ᠂ ᠬᠠᠤᠯᠢ ᠳᠦᠷᠢᠮ ᠲᠤᠬᠲᠠᠭᠠᠬᠤ ᠳᠤ ᠯᠠᠪᠯᠯᠠᠲᠠ ᠪᠤᠯᠭᠠᠬᠤ ᠴᠢᠬᠤᠯᠠ ᠲᠠᠢ ᠭᠡᠵᠡᠢ᠃

ᠯᠢ ᠸᠧᠨ ᠯᠢᠶᠠᠩ ᠪᠤᠯᠤᠨ ᠤᠯᠠᠭᠠᠨ ᠬᠤᠶᠠᠷ ᠬᠤᠷᠠᠯ ᠤᠨ ᠦᠶ᠎ᠡ ᠪᠡᠷ ᠰᠠᠨᠠᠯ ᠢᠶᠡᠨ ᠰᠤᠯᠢᠯᠴᠠᠵᠦ ᠪᠠᠶᠢᠭ᠎ᠠ ᠨᠢ

ᠳᠤᠮᠳᠠᠳᠤ ᠤᠯᠤᠰ ᠤᠨ ᠦᠨᠳᠦᠰᠦᠲᠡᠨ ᠤ ᠡᠮ ᠡᠮᠨᠡᠯᠭᠡ ᠶᠢᠨ ᠨᠡᠶᠢᠭᠡᠮᠯᠢᠭ᠌ ᠤᠨ ᠳᠡᠳ᠋ ᠳᠠᠷᠤᠭ᠎ᠠ᠂ ᠬᠤᠲᠤᠩ ᠡᠮ ᠡᠮᠨᠡᠯᠭᠡ ᠶᠢᠨ ᠫᠷᠤᠹᠧᠰᠰᠤᠷ ᠬᠤᠸᠠᠩ ᠪᠤᠤ ᠳ᠋ᠦ᠋ᠩ ᠦᠵᠡᠯᠲᠡ ᠪᠠᠨ ᠶᠠᠷᠢᠵᠦ ᠪᠠᠶᠢᠨ᠎ᠠ

ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠮᠤᠨᠭᠭᠤᠯ ᠡᠮ ᠡᠮᠨᠡᠯᠭᠡ ᠶᠢᠨ ᠨᠡᠶᠢᠭᠡᠮᠯᠢᠭ᠌ ᠤᠨ ᠳᠡᠳ᠋ ᠳᠠᠷᠤᠭ᠎ᠠ ᠬᠠᠨᠭᠭᠠᠶᠢᠪᠠᠭᠠᠲᠤᠷ ᠰᠠᠨᠠᠯ ᠢᠶᠡᠨ ᠶᠠᠷᠢᠵᠦ ᠪᠤᠢ

ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠮᠤᠨᠭᠭᠤᠯ ᠡᠮ ᠡᠮᠨᠡᠯᠭᠡ ᠶᠢᠨ ᠨᠡᠶᠢᠭᠡᠮᠯᠢᠭ᠌ ᠤᠨ ᠳᠡᠳ᠋ ᠳᠠᠷᠤᠭ᠎ᠠ ᠪᠠᠶᠠᠷ ᠰᠠᠨᠠᠯ ᠢᠶᠡᠨ ᠶᠠᠷᠢᠵᠦ ᠪᠤᠢ

ᠢᠷᠡᠯᠳᠡ᠄ ᠰᠢᠨᠬᠤᠸᠠ ᠮᠤᠨᠭᠭᠤᠯ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠬᠠᠰᠠᠷ ᠬᠢᠭᠡᠳ ᠬᠤᠷᠴᠢᠨ ᠤ ᠲᠡᠦᠬᠡ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠪᠤᠯᠪᠠ
  • ᠮᠤᠨᠭᠭᠤᠯ ᠤᠯᠤᠰ ᠤᠨ ᠺᠠᠷᠲ᠋ᠤᠨ ᠬᠡᠤᠬᠡᠯᠳᠡᠢ ᠨᠤᠮ《ᠴᠢᠩᠬᠢᠰ ᠬᠠᠭᠠᠨ》ᠮᠤᠨᠭᠭᠤᠯ ᠬᠢᠳᠠᠳ ᠪᠢᠴᠢᠭ᠌ ᠢᠶᠡᠷ ᠬᠡᠪᠯᠡᠭᠳᠡᠨ ᠤᠩᠰᠢᠭᠴᠢᠳ ᠲᠠᠢ ᠵᠤᠯᠭᠠᠯ᠎ᠠ
  • ᠳ᠋ᠤ᠋﹒ᠳᠦᠮᠡᠨᠪᠠᠶᠠᠷ ᠪᠦᠬᠦ ᠤᠯᠤᠰ ᠤᠨ ᠠᠷᠪᠠᠨ ᠨᠡᠷᠡᠳᠦ ᠤᠩᠰᠢᠭᠴᠢ ᠶᠢᠨ ᠨᠢᠭᠡᠨ ᠢᠶᠡᠷ ᠲᠤᠳᠤᠷᠠᠯ᠎ᠠ
  • ᠦᠪᠦᠷ ᠮᠤᠩᠭ᠋ᠤᠯ ᠤᠨ ᠤᠳᠤᠭ ᠬᠤᠰᠢᠭᠤᠨ ᠤ ᠪᠠᠭᠠᠲᠤᠷ ᠤᠯᠠᠭᠠᠨ ᠤᠪᠤᠭ᠎ᠠ ᠶᠢᠨ ᠲᠠᠬᠢᠯᠭ᠎ᠠ ᠨᠢᠵᠢᠭᠡᠷ ᠪᠤᠯᠵᠦ ᠦᠩᠭᠡᠷᠡᠯ᠎ᠡ
关闭
010070230030000000000000011100001119372145