微信打开
蒙古文网站Logo
ᠰᠢᠨᠬᠤᠸᠠ ᠮᠤᠩᠭ᠋ᠤᠯ ᠨᠧᠲ

ᠯᠢᠶᠤᠤᠨᠢᠩ ᠤᠨ ᠶᠢᠩᠺᠧᠤ ᠳᠤ ᠵᠤᠭᠤᠰ ᠬᠦᠷᠬᠡᠬᠦ ᠮᠠᠰᠢᠨ ᠤᠤᠯᠭᠠᠯᠠᠭᠳᠠᠵᠠᠢ

2016-09-08 09:57

    ᠰᠢᠨᠬᠤᠧᠠ ᠬᠤᠷᠢᠶ᠎ᠠ   ᠮᠦᠭᠳᠡᠨ ᠤ 9 ᠰᠠᠷ᠎ᠠ ᠶᠢᠨ 7 ᠤ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠰᠦᠨ ᠿᠧᠨ ᠪᠢᠨ᠂ ᠢᠤᠢ ᠯᠢ) ᠰᠤᠷᠪᠤᠯᠵᠢᠯᠠᠭᠴᠢ 7 ᠤ ᠤᠷᠤᠢ ᠯᠢᠶᠤᠤᠨᠢᠩ ᠮᠤᠵᠢ ᠶᠢᠨ ᠶᠢᠩᠺᠧᠤ ᠬᠤᠳᠠ ᠶᠢᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠡᠴᠡ  ᠤᠶᠢᠯᠠᠭᠠᠭᠰᠠᠨ ᠢᠶᠡᠷ᠂ ᠳᠤᠬᠠᠢ ᠶᠢᠨ ᠡᠳᠦᠷ ᠤᠨ ᠦᠳᠡ ᠶᠢᠨ ᠬᠤᠶᠢᠨ᠎ᠠ᠂ ᠶᠢᠩᠺᠧᠤ ᠬᠤᠳᠠ ᠶᠢᠨ ᠵᠠᠬᠢᠷᠭᠠᠨ ᠳᠤ ᠪᠠᠭᠳᠠᠬᠤ ᠳ᠋ᠠ ᠱᠢ ᠴᠢᠶᠤᠤ ᠬᠤᠳᠠ ᠶᠢᠨ ᠨᠢᠬᠡᠨ ᠵᠤᠭᠤᠰ ᠬᠦᠷᠬᠡᠬᠦ ᠮᠠᠰᠢᠨ ᠳᠡᠷᠬᠡ ᠤᠤᠯᠭᠠᠯᠠᠭᠳᠠᠭᠰᠠᠨ ᠪᠠᠶᠢᠨ᠎ᠠ᠃

    ᠤᠶᠢᠯᠠᠭᠠᠭᠰᠠᠨ ᠢᠶᠡᠷ᠂ ᠳᠤᠮᠳᠠᠳᠤ ᠤᠯᠤᠰ ᠤᠨ ᠳᠠᠷᠢᠶᠠᠯᠠᠩ ᠤᠨ ᠪᠠᠩᠬᠢ ᠶᠢᠨ ᠡᠨᠡᠬᠦ ᠵᠤᠭᠤᠰ ᠬᠦᠷᠬᠡᠳᠡᠭ ᠮᠠᠰᠢᠨ ᠳᠡᠬᠡᠷ᠎ᠡ 3500 ᠳᠦᠮᠡᠨ ᠳᠦᠬᠦᠷᠢᠭ ᠤᠨ ᠪᠡᠯᠡᠨ ᠮᠦᠩᠬᠦ ᠠᠪᠴᠤ ᠶᠠᠪᠤᠵᠤ ᠪᠠᠶᠢᠭᠰᠠᠨ ᠪᠠ ᠳᠦᠷᠪᠡᠨ ᠠᠵᠢᠯᠴᠢᠨ ᠨᠢ ᠦᠪᠡᠷᠰᠡᠳ ᠢᠶᠡᠨ ᠤᠤᠯᠭᠠᠯᠠᠵᠠᠢ᠃ ᠤᠳᠤᠬᠠᠨ ᠳᠤ᠂ ᠬᠡᠷᠡᠭ ᠲᠤ ᠬᠤᠯᠪᠤᠭᠳᠠᠭᠰᠠᠨ ᠨᠢᠬᠡ ᠬᠦᠮᠦᠨ ᠢ ᠪᠠᠷᠢᠪᠴᠢᠯᠠᠵᠤ᠂ ᠳᠤᠳᠠᠭᠠᠭᠰᠠᠨ ᠨᠦᠬᠦᠬᠡ ᠭᠤᠷᠪᠠᠨ ᠬᠦᠮᠦᠨ ᠢ ᠳᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠨ ᠪᠦᠬᠦ ᠬᠦᠴᠦᠨ ᠢᠶᠡᠷ ᠢᠶᠡᠨ ᠨᠡᠬᠡᠮᠵᠢᠯᠡᠵᠤ ᠪᠤᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠣᠩᠭ᠋ᠤᠯ ᠤᠨ ᠬᠠᠮᠪᠤ ᠶᠢᠨ ᠡᠷᠳᠡᠨ ᠤ ᠪᠠᠭᠤᠷᠢ ᠶᠢᠨ ᠴᠡᠴᠡᠷᠯᠢᠭ᠌ ᠨᠡᠬᠡᠬᠡᠯᠳᠡ ᠪᠠᠨ ᠬᠢᠯ᠎ᠠ
  • ᠪᠠᠷ ᠵᠢᠷᠤᠭ  ᠶᠢᠡᠷ ᠶᠢᠡᠨ ᠪᠠᠬᠠᠷᠬᠠᠵᠤ ᠶᠠᠪᠤᠭ᠎ᠠ ᠥᠲᠡᠭᠦᠰ
  • ᠬᠠᠰᠠᠷ ᠬᠢᠭᠡᠳ ᠬᠤᠷᠴᠢᠨ ᠤ ᠲᠡᠦᠬᠡ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠪᠤᠯᠪᠠ
  • ᠮᠤᠨᠭᠭᠤᠯ ᠤᠯᠤᠰ ᠤᠨ ᠺᠠᠷᠲ᠋ᠤᠨ ᠬᠡᠤᠬᠡᠯᠳᠡᠢ ᠨᠤᠮ《ᠴᠢᠩᠬᠢᠰ ᠬᠠᠭᠠᠨ》ᠮᠤᠨᠭᠭᠤᠯ ᠬᠢᠳᠠᠳ ᠪᠢᠴᠢᠭ᠌ ᠢᠶᠡᠷ ᠬᠡᠪᠯᠡᠭᠳᠡᠨ ᠤᠩᠰᠢᠭᠴᠢᠳ ᠲᠠᠢ ᠵᠤᠯᠭᠠᠯ᠎ᠠ
关闭
010070230030000000000000011120701119530851