微信打开
蒙古文网站Logo
ᠰᠢᠨᠬᠤᠸᠠ ᠮᠤᠩᠭ᠋ᠤᠯ ᠨᠧᠲ

ᠦᠪᠦᠷ ᠮᠤᠨᠭᠭᠤᠯ ᠤᠨ ᠠᠯᠠᠱᠠ ᠡᠴᠡ ᠤᠰᠠᠳᠤᠮᠠᠷ ᠪᠤᠯᠤᠬᠰᠠᠨ ᠬᠤᠷᠳᠤᠨ ᠬᠠᠷ᠎ᠠ ᠴᠡᠴᠡᠭ ᠢ ᠢᠯᠡᠷᠡᠭᠦᠯᠪᠡ

2016-09-22 15:56

    21 ᠤ᠋ ᠡᠳᠦᠷ ᠰᠤᠷᠪᠤᠯᠵᠢᠯᠠᠬᠴᠢ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠠᠯᠠᠱᠠ ᠠᠶᠢᠮᠠᠬ ᠤᠨ ᠠᠵᠦ ᠠᠬᠤᠢ ᠨᠡᠭᠡᠭᠡᠯᠲᠡ ᠶᠢᠨ ᠪᠦᠰᠡ ᠶᠢᠨ ᠬᠠᠮᠢᠶᠠᠷᠤᠯᠲᠠ ᠶᠢᠨ ᠵᠦᠪᠯᠡᠯ ᠡᠴᠡ ᠤᠶᠢᠯᠠᠭᠠᠬᠰᠠᠨ ᠢᠶᠡᠷ᠂ ᠤᠶᠢᠷ᠎ᠠ ᠶᠢᠨ ᠡᠳᠦᠷ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠡᠴᠡ ᠵᠤᠬᠢᠶᠠᠨ ᠪᠠᠶᠢᠭᠤᠯᠤᠬᠰᠠᠨ ᠲᠠᠯ᠎ᠠ ᠨᠤᠲᠤᠬ ᠤᠨ ᠡᠬᠢ ᠪᠠᠶᠠᠯᠢᠬ ᠤᠨ ᠲᠤᠭᠠᠯᠠᠯᠭ᠎ᠠ ᠳᠤᠮᠳᠠ ᠠᠯᠠᠱᠠ ᠠᠶᠢᠮᠠᠬ ᠡᠴᠡ ᠠᠨᠭᠬ᠎ᠠ ᠤᠳᠠᠭ᠎ᠠ ᠤᠰᠠᠳᠤᠮᠠᠷ ᠪᠤᠯᠤᠬᠰᠠᠨ ᠬᠤᠷᠳᠤᠨ ᠬᠠᠷ᠎ᠠ ᠴᠡᠴᠡᠭ᠌ ᠢ ᠢᠯᠡᠷᠡᠭᠦᠯᠵᠡᠢ᠃

    ᠡᠮᠦᠨᠡᠬᠡᠨ ᠲᠤᠬᠠᠢ ᠶᠢᠨ ᠤᠷᠤᠨ ᠤ ᠮᠡᠷᠭᠡᠵᠢᠯᠲᠡᠨ ᠭᠠᠵᠠᠷ ᠳᠡᠭᠡᠷ᠎ᠡ ᠨᠢ ᠰᠢᠨᠵᠢᠯᠡᠭᠡ ᠬᠢᠵᠦ᠂ ᠠᠯᠠᠱᠠ ᠠᠶᠢᠮᠠᠬ ᠤᠨ ᠠᠵᠦ ᠠᠬᠤᠢ ᠶᠢᠨ ᠨᠡᠭᠡᠭᠡᠯᠲᠡ ᠶᠢᠨ ᠤᠷᠤᠨ ᠤ ᠤᠰᠤᠲᠤ ᠪᠠᠯᠭᠠᠰᠤᠨ ᠤ ᠷᠠᠰᠢᠶᠠᠨ ᠠᠭᠤᠯᠠ ᠶᠢᠨ ᠳᠤᠤᠷ᠎ᠡ ᠡᠴᠡ 3 ᠮᠤ ᠲᠠᠯᠠᠪᠠᠢ ᠲᠠᠢ ᠬᠤᠷᠳᠤᠨ ᠬᠠᠷ᠎ᠠ ᠴᠡᠴᠡᠭ᠌ ᠢ ᠢᠯᠡᠷᠡᠭᠦᠯᠵᠡᠢ᠃

    ᠬᠤᠷᠳᠤᠨ ᠬᠠᠷ᠎ᠠ ᠴᠡᠴᠡᠭ ᠪᠤᠯ ᠤᠯᠤᠰ ᠤᠨ ᠬᠤᠶᠠᠳᠤᠭᠠᠷ ᠵᠡᠷᠭᠡᠯᠡᠯ ᠤᠨ ᠬᠠᠮᠠᠭᠠᠯᠠᠯᠲᠠ ᠶᠢᠨ ᠤᠷᠭᠤᠮᠠᠯ᠂ 10cm-15cm ᠦᠨᠳᠦᠷ ᠤᠷᠭᠤᠳᠠᠬ ᠪᠤᠲᠠᠯᠢᠬ ᠤᠷᠭᠤᠮᠠᠯ ᠮᠦᠨ᠃ ᠦᠷ᠎ᠡ ᠨᠢ ᠵᠢᠵᠢᠭ᠌᠂ ᠬᠦᠪᠦᠷᠡᠯ ᠪᠤᠯᠪᠠᠰᠤᠷᠠᠬᠤ ᠴᠢᠳᠠᠪᠬᠢ ᠨᠢ ᠪᠠᠷᠤᠬᠲᠠᠢ᠂ ᠦᠷᠡᠵᠢᠯ ᠤᠨ ᠴᠢᠳᠠᠪᠬᠢ ᠠᠨᠠᠢ᠂ ᠡᠪᠡᠰᠦ ᠪᠡᠯᠴᠢᠭᠡᠷ ᠮᠠᠭᠤᠲᠠᠬᠰᠠᠨ ᠴᠦᠯ ᠭᠠᠵᠠᠷ ᠤᠷᠭᠤᠳᠠᠬ ᠭᠠᠩ ᠢ ᠡᠰᠡᠷᠭᠦᠴᠡᠬᠦ ᠴᠢᠳᠠᠪᠤᠷᠢ ᠪᠡᠷ ᠴᠢᠨᠭᠭ᠎ᠠ ᠨᠢᠭᠡ ᠵᠦᠢᠯ ᠤᠨ ᠤᠰᠠᠳᠬᠤ ᠳᠤ ᠬᠦᠷᠦᠭ᠍ᠰᠡᠨ ᠤᠷᠭᠤᠮᠠᠯ ᠮᠦᠨ᠃

ᠢᠷᠡᠯᠳᠡ᠄ ᠳᠤᠮᠳᠠᠳᠤ ᠤᠯᠤᠰ ᠤᠨ ᠰᠤᠨᠢᠨ ᠮᠡᠳᠡᠭᠡᠨ ᠤ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
  • ᠦᠪᠦᠷ ᠮᠣᠩᠭ᠋ᠤᠯ ᠤᠨ ᠬᠠᠮᠪᠤ ᠶᠢᠨ ᠡᠷᠳᠡᠨ ᠤ ᠪᠠᠭᠤᠷᠢ ᠶᠢᠨ ᠴᠡᠴᠡᠷᠯᠢᠭ᠌ ᠨᠡᠬᠡᠬᠡᠯᠳᠡ ᠪᠠᠨ ᠬᠢᠯ᠎ᠠ
  • ᠪᠠᠷ ᠵᠢᠷᠤᠭ  ᠶᠢᠡᠷ ᠶᠢᠡᠨ ᠪᠠᠬᠠᠷᠬᠠᠵᠤ ᠶᠠᠪᠤᠭ᠎ᠠ ᠥᠲᠡᠭᠦᠰ
  • ᠬᠠᠰᠠᠷ ᠬᠢᠭᠡᠳ ᠬᠤᠷᠴᠢᠨ ᠤ ᠲᠡᠦᠬᠡ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠪᠤᠯᠪᠠ
关闭
010070230030000000000000011100001119607581