蒙古文网站Logo
ᠰᠢᠨᠬᠤᠸᠠ ᠮᠤᠩᠭ᠋ᠤᠯ ᠨᠧᠲ

ᠬᠦᠳᠡᠭᠡ ᠠᠵᠤ ᠠᠬᠤᠢ ᠶᠢᠨ ᠶᠠᠮᠤᠨ ᠨᠤᠲᠤᠭ ᠪᠡᠯᠴᠢᠭᠡᠷ ᠢ ᠬᠠᠮᠠᠭᠠᠯᠠᠬᠤ ᠳᠦᠷᠢᠮ ᠤᠨ ᠪᠦᠲᠦᠭᠡᠨ ᠪᠠᠶᠢᠭᠤᠯᠤᠯᠲᠠ ᠵᠢ ᠦᠨᠡᠨ ᠬᠦ ᠠᠬᠢᠭᠤᠯᠵᠤ ᠪᠠᠶᠢᠨ᠎ᠠ 

2016-10-13 17:22

    ᠳᠤᠮᠳᠠᠳᠤ ᠤᠯᠤᠰ ᠤᠨ ᠡᠪ ᠬᠠᠮᠲᠥ ᠨᠠᠮ ᠤᠨ ᠲᠦᠪ ᠬᠤᠷᠢᠶ ᠠ᠂ ᠲᠦᠷᠦ ᠶᠢᠨ ᠶᠠᠪᠤᠳᠠᠯ ᠤᠨ ᠬᠤᠷᠢᠶ ᠠ ᠡᠴᠡ ᠲᠠᠷᠤᠮᠠᠯᠯᠠᠨ ᠲᠠᠷᠬᠠᠭᠠᠭᠰᠠᠨ《ᠠᠮᠢ ᠠᠬᠤᠢ ᠶᠢᠨ ᠪᠤᠯᠪᠠᠰᠤᠨ ᠤ ᠪᠦᠲᠦᠭᠡᠨ ᠪᠠᠶᠢᠭᠤᠯᠤᠯᠲᠠ ᠵᠢᠨ ᠍᠍᠍ᠠᠬᠢᠴᠠ ᠵᠢ ᠲᠦᠷᠭᠡᠳᠭᠡᠬᠦ ᠲᠤᠬᠠᠢ ᠰᠠᠨᠠᠯ 》ᠪᠠ 《ᠠᠮᠢ ᠠᠬᠤᠢ ᠶᠢᠨ ᠪᠤᠯᠪᠠᠰᠤᠨ ᠤ ᠪᠠᠢᠢᠭᠤᠯᠤᠯ ᠤᠨ ᠦᠭᠡᠷᠡᠴᠢᠯᠡᠯᠲᠡ  ᠶᠢᠨ ᠶᠡᠷᠦᠩᠬᠡᠢ ᠲᠦᠰᠦᠯ》 ᠢ ᠨᠠᠶᠢᠳᠠᠪᠤᠷᠢᠵᠢᠭᠤᠯᠬᠤ ᠬᠤᠯᠪᠤᠭᠳᠠᠯ ᠪᠦᠬᠦᠢ ᠱᠠᠭᠠᠷᠳᠠᠯᠭ᠎ᠠ ᠶᠤᠰᠤᠭᠠᠷ ᠂ ᠤᠷᠴᠢᠮ ᠬᠦᠳᠡᠭᠡ ᠠᠵᠤ ᠠᠬᠤᠢ ᠶᠢᠨ ᠶᠠᠮᠤᠨ ᠡᠴᠡ 《ᠨᠤᠲᠤᠭ ᠪᠡᠯᠴᠢᠭᠡᠷ  ᠢ ᠬᠠᠮᠠᠭᠠᠯᠠᠬᠤ ᠳᠦᠷᠢᠮ  ᠤᠨ ᠪᠦᠲᠦᠭᠡᠨ ᠪᠠᠶᠢᠭᠤᠯᠤᠯᠲᠠ ᠶᠢᠨ ᠠᠵᠢᠯ  ᠢ ᠠᠬᠢᠭᠤᠯᠬᠤ ᠲᠦᠰᠥᠯ 》 ᠢ ᠳᠠᠷᠤᠮᠯᠠᠨ ᠲᠠᠷᠬᠠᠭᠠᠵᠤ ᠂ ᠮᠠᠨ ᠤ ᠤᠯᠤᠰ  ᠤᠨ ᠨᠤᠲᠤᠭ ᠪᠡᠯᠴᠢᠭᠡᠷ  ᠢ ᠬᠠᠮᠠᠭᠠᠯᠠᠬᠤ  ᠲᠥᠷᠢᠮ ᠤᠨ ᠪᠦᠲᠦᠭᠡᠨ ᠪᠠᠢᠢᠭᠤᠯᠤᠯᠲᠠ ᠶᠢᠨ ᠵᠠᠮ ᠤᠨ ᠵᠢᠷᠤᠭ ᠢ ᠲᠦᠯᠦᠪᠵᠢᠭᠦᠯᠦᠭᠰᠡᠨ ᠪᠠᠶᠢᠨ᠎ ᠠ᠃

    《ᠲᠦᠰᠦᠯ》 ᠳᠤ᠂ ᠨᠤᠲᠤᠭ ᠪᠡᠯᠴᠢᠭᠡᠷ ᠪᠤᠯ ᠮᠠᠨ ᠤ ᠤᠯᠤᠰ ᠤᠨ ᠲᠠᠯᠠᠪᠠᠢ ᠪᠡᠷ ᠬᠠᠮᠤᠭ ᠤᠨ ᠶᠡᠬᠡ ᠡᠬᠡ ᠬᠠᠭᠤᠷᠠᠢ ᠶᠢᠨ ᠠᠮᠢ ᠠᠬᠤᠢ ᠶᠢᠨ ᠰᠢᠰᠲ᠋ᠸᠮ ᠮᠦᠨ᠂ ᠪᠡᠯᠴᠢᠭᠡᠷ  ᠤᠨ ᠮᠠᠯ ᠠᠵᠤ ᠠᠬᠤᠢ ᠪᠤᠯ ᠮᠠᠯᠴᠢᠳ ᠤᠨ ᠤᠷᠤᠯᠭ᠎ᠠ ᠶᠢᠨ ᠭᠤᠤᠯ ᠢᠷᠡᠯᠲᠡ ᠮᠦᠨ᠃ ᠨᠤᠲᠤᠭ ᠪᠡᠯᠴᠢᠭᠡᠷ ᠢ ᠬᠠᠮᠠᠭᠠᠯᠠᠬᠤ ᠳᠦᠷᠢᠮ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠨᠢ 《ᠰᠢᠨ᠎ᠡ ᠶᠢ ᠡᠭᠦᠳᠬᠦ᠂ ᠵᠤᠬᠢᠴᠠᠯ ᠲᠠᠢ ᠬᠦᠭ᠍ᠵᠢᠬᠦ ᠂ ᠪᠤᠬᠢᠷᠳᠤᠯ ᠦᠭᠡᠢ ᠪᠡᠷ ᠬᠦᠭ᠍ᠵᠢᠭᠦᠯᠬᠦ᠂ ᠴᠢᠯᠦᠭᠡᠲᠠᠢ ᠶᠠᠪᠤᠯᠴᠠᠬᠤ᠂ ᠬᠠᠮᠲᠤ ᠪᠡᠷ ᠡᠲᠯᠡᠬᠦ 》ᠤᠢᠢᠯᠭᠠᠭᠳᠠᠬᠤᠨ ᠢ ᠭᠦᠨᠵᠡᠭᠡᠢ ᠲᠤᠤᠱᠯᠠᠭᠤᠯᠵᠤ᠂ ᠬᠤᠲᠠ ᠬᠦᠳᠡᠭᠡ ᠶᠢᠨ ᠤᠷᠤᠨ ᠪᠦᠰᠡ ᠶᠢᠨ ᠵᠤᠬᠢᠴᠠᠩᠭ᠋ᠤᠢ ᠬᠦᠭ᠍ᠵᠢᠬᠦ ᠶᠢ ᠠᠬᠢᠭᠤᠯᠬᠤ ᠪᠤᠳᠠᠲᠠᠢ ᠢᠯᠡᠷᠡᠯ ᠮᠦᠨ᠂ ᠲᠠᠷᠢᠶᠠᠯᠠᠩ ᠮᠠᠯ ᠠᠵᠤ ᠠᠬᠤᠢ ᠶᠢᠨ ᠬᠦᠭ᠍ᠵᠢᠯᠲᠡ ᠶᠢᠨ ᠬᠡᠯᠪᠡᠷᠢ ᠶᠢ ᠬᠤᠪᠢᠷᠠᠭᠤᠯᠬᠤ᠂ ᠶᠠᠳᠠᠭᠤ ᠶᠢ ᠲᠡᠳᠭᠦᠬᠦ ᠪᠡᠬᠢᠯᠡᠯᠲᠡ ᠶᠢ ᠡᠪᠳᠡᠬᠦ ᠪᠠᠶᠢᠯᠳᠤᠭᠠᠨ  ᠤ ᠢᠯᠠᠯᠲᠠ ᠤᠯᠬᠤ ᠶᠢᠨ ᠬᠦᠴᠦᠲᠠᠢ ᠲᠤᠯᠭᠠᠭᠤᠷᠢ ᠮᠦᠨ ᠭᠡᠵᠦ ᠴᠢᠬᠤᠯᠠᠴᠢᠯᠠᠭᠰᠠᠨ ᠪᠠᠶᠢᠨ᠎ᠠ᠃

    《ᠲᠦᠰᠦᠯ》 ᠳᠤ ᠪᠠᠰᠠ᠂ ᠦᠨᠳᠦᠰᠤᠨ ᠨᠤᠲᠤᠭ ᠪᠡᠯᠴᠢᠭᠡᠷ ᠢ ᠬᠠᠮᠠᠭᠠᠯᠠᠬᠤ ᠂ ᠪᠡᠯᠴᠢᠭᠡᠷ ᠲᠦ ᠮᠠᠯ ᠪᠡᠯᠴᠢᠭᠡᠷᠯᠡᠭᠦᠯᠬᠦ ᠶᠢ ᠵᠤᠭᠰᠤᠭᠠᠬᠤ ᠪᠠ ᠰᠡᠯᠭᠦᠨ ᠮᠠᠯᠵᠢᠬᠤ᠂ ᠮᠠᠯ ᠪᠡᠯᠴᠢᠭᠡᠷ  ᠢ ᠲᠠᠩᠴᠡᠭᠦᠷᠢᠲᠠᠢ ᠪᠠᠢᠢᠯᠭᠠᠬᠤ ᠵᠡᠷᠭᠡ ᠳᠦᠷᠢᠮ  ᠢ ᠪᠦᠬᠦ ᠲᠠᠯ᠎ᠠ ᠪᠡᠷ ᠨᠠᠢᠢᠳᠠᠪᠤᠷᠢᠵᠢᠭᠤᠯᠵᠤ᠂ ᠨᠤᠲᠤᠭ ᠪᠡᠯᠴᠢᠭᠡᠷ ᠤᠨ ᠠᠮᠢ ᠠᠬᠤᠢ ᠶᠢ ᠠᠭᠠᠵᠢᠮ ᠶᠢᠡᠷ ᠰᠡᠷᠭᠦᠬᠦ ᠶᠢ ᠠᠬᠢᠭᠤᠯᠵᠤ᠂ ᠪᠡᠯᠴᠢᠭᠡᠷ ᠤᠨ ᠮᠠᠯ ᠠᠵᠤ ᠠᠬᠤᠢ ᠶᠢᠡ ᠬᠦᠭ᠍ᠵᠢᠯᠲᠡ ᠶᠢᠨ ᠬᠡᠯᠪᠡᠷᠢ ᠶᠢᠨ ᠬᠤᠪᠢᠷᠠᠯᠲᠠ ᠶᠢ ᠲᠦᠷᠭᠡᠳᠭᠡᠵᠤ᠂ ᠤᠨᠴᠠᠯᠢᠭ ᠲᠠᠢ ᠮᠠᠯ ᠤᠨ ᠠᠰᠢᠭ ᠰᠢᠮ ᠡ ᠦᠢᠯᠡᠳᠪᠦᠷᠢᠯᠡᠨ ᠬᠠᠡᠨᠭᠭᠠᠬᠤ ᠬᠢᠷᠢ ᠲᠦᠪᠰᠢᠨ ᠢ ᠳᠡᠭᠡᠭ᠍ᠰᠢᠯᠡᠭᠦᠯᠵᠦ ᠂ ᠨᠤᠲᠤᠭ ᠪᠡᠯᠴᠢᠭᠡᠷ ᠤᠨ ᠭᠠᠵᠠᠷ ᠤᠷᠤᠨ ᠤ ᠠᠵᠤ ᠠᠬᠤᠢ ᠶᠢᠨ ᠨᠦᠬᠡᠴᠡ ᠲᠠᠢ ᠬᠦ᠍ᠭ᠍ᠵᠢᠯᠲᠡ ᠶᠢ ᠠᠬᠢᠭᠤᠯᠵᠤ᠂ ᠲᠠᠷᠢᠶᠠᠴᠢᠨ ᠮᠠᠯᠴᠢᠳ ᠤᠨ ᠤᠷᠤᠯᠭ᠎ᠠ ᠪᠠᠨ ᠨᠡᠮᠡᠭᠳᠡᠭᠦᠯᠬᠦ ᠠᠷᠭ᠎ᠠ ᠵᠠᠮ ᠢ ᠲᠠᠰᠤᠷᠠᠯᠲᠠ ᠦᠭᠡᠢ ᠦᠷᠭᠡᠳᠭᠡᠵᠦ᠂ ᠲᠠᠷᠢᠶᠠᠴᠢᠨ ᠮᠠᠯᠴᠢᠳ ᠤᠨ ᠤᠷᠤᠯᠭ᠎ᠠ ᠶᠢᠨ ᠬᠢᠷᠢ ᠲᠦᠪᠰᠢᠨ ᠢ ᠯᠠᠪᠳᠠᠭᠤᠨ ᠳᠡᠭᠡᠭ᠍ᠰᠢᠯᠡᠭᠦᠯᠵᠦ᠂ ᠨᠤᠲᠤᠭ ᠪᠡᠯᠴᠢᠭᠡᠷ ᠢ ᠬᠠᠮᠠᠭᠠᠯᠠᠬᠤ ᠂ ᠪᠦᠲᠦᠭᠡᠨ ᠪᠠᠢᠢᠭᠤᠯᠠᠬᠤ ᠪᠠ ᠠᠰᠢᠭᠯᠠᠬᠤ ᠤᠷᠲᠤ ᠬᠤᠭᠤᠴᠠᠭ᠎ᠠ ᠬᠦᠴᠦᠨ ᠲᠠᠢ ᠲᠤᠭᠲᠠᠴᠠ ᠶᠢ ᠠᠩᠬ᠎ᠠ ᠠᠯᠬᠤᠮ ᠪᠠᠶᠢᠭᠤᠯᠤᠨ᠎ᠠ ᠭᠡᠵᠤ ᠳᠤᠷᠠᠳᠴᠤ ᠭᠠᠷᠭᠠᠭᠰᠠᠨ ᠪᠠᠶᠢᠨ᠎ᠠ᠃

    ᠨᠤᠲᠤᠭ ᠪᠡᠯᠴᠢᠭᠡᠷ ᠢ ᠬᠠᠮᠠᠭᠠᠯᠠᠬᠤ ᠳᠦᠷᠢᠮ ᠲᠤᠭᠲᠠᠴᠠ ᠶᠢᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠳ᠋ᠤ ᠦᠭᠡᠷᠡᠴᠢᠯᠡᠯᠲᠡ ᠶᠢ ᠭᠦᠨᠵᠡᠭᠡᠶᠢᠷᠡᠭᠦᠯᠦᠨ ᠲᠤᠭᠲᠠᠴᠠ ᠶᠢ ᠲᠡᠭᠦᠯᠳᠡᠷᠵᠢᠭᠦᠯᠬᠦ ᠂ ᠠᠮᠢ ᠠᠬᠤᠢ ᠶᠢ ᠬᠠᠮᠠᠭᠠᠯᠠᠨ ᠪᠤᠬᠢᠷᠳᠤᠯ ᠦᠭᠡᠢ ᠪᠡᠷ ᠬᠦᠭ᠍ᠵᠢᠭᠦᠯᠬᠦ᠂ ᠲᠤᠬᠠᠢ ᠶᠢᠨ ᠭᠠᠵᠠᠷ ᠲᠠᠭᠠᠨ ᠲᠤᠬᠢᠷᠠᠭᠤᠯᠤᠨ ᠲᠦᠷᠦᠯ ᠬᠤᠪᠢᠶᠠᠵᠤ ᠵᠢᠯᠤᠭᠤᠳᠬᠤ᠂ ᠬᠢᠨᠠᠨ ᠵᠠᠬᠢᠷᠬᠤ ᠪᠠᠨ ᠴᠢᠩᠭ᠋ᠠᠳᠬᠠᠨ ᠬᠠᠤᠯᠢ ᠶᠤᠰᠤᠭᠠᠷ ᠠᠵᠢᠯᠯᠠᠬᠤ ᠳᠦᠷᠪᠡᠨ ᠵᠠᠷᠴᠢᠮ  ᠢ ᠪᠠᠷᠢᠮᠲᠠᠯᠠᠵᠤ᠂ ᠨᠤᠲᠤᠭ ᠪᠡᠯᠴᠢᠭᠡᠷ  ᠤᠨ ᠠᠮᠢ ᠠᠬᠤᠢ ᠶᠢᠨ ᠤᠷᠴᠢᠨ  ᠢ ᠠᠭᠠᠵᠢᠮ  ᠶᠢᠡᠷ ᠰᠠᠢᠢᠵᠢᠷᠠᠭᠤᠯᠤᠨ᠂ ᠪᠡᠯᠴᠢᠭᠡᠷ ᠤᠨ ᠮᠠᠯ ᠠᠵᠤ ᠠᠬᠤᠢ ᠶᠢᠨ ᠬᠦᠭ᠍ᠵᠢᠯᠲᠡ ᠶᠢᠨ ᠬᠡᠯᠪᠡᠷᠢ ᠶᠢ ᠤᠯᠠᠮ ᠨᠢᠭᠡ ᠠᠯᠬᠤᠮ ᠬᠤᠪᠢᠷᠠᠭᠤᠯᠵᠤ᠂ ᠨᠤᠲᠤᠭ ᠪᠡᠯᠴᠢᠭᠡᠷ  ᠢ ᠬᠠᠮᠠᠭᠠᠯᠠᠬᠤ ᠪᠦᠲᠦᠭᠡᠨ ᠪᠠᠢᠢᠭᠤᠯᠬᠤ ᠪᠠ ᠠᠰᠢᠭᠯᠠᠬᠤ ᠬᠠᠤᠯᠢ ᠳᠦᠷᠢᠮ ᠢ ᠪᠦᠬᠦ ᠲᠠᠯ᠎ᠠ ᠪᠡᠷ ᠪᠠᠶᠢᠭᠤᠯᠬᠤ ᠪᠡᠷ ᠭᠤᠤᠯ ᠬᠠᠷᠠᠯᠲᠠ ᠪᠤᠯᠭᠠᠨ᠎ᠠ ᠭᠡᠵᠤ ᠵᠢᠭᠠᠵᠤ ᠭᠠᠷᠭᠠᠵᠠᠢ᠃

    《ᠲᠦᠰᠦᠯ》 ᠳᠤ᠂ ᠡᠯ᠎ᠡ ᠱᠠᠲᠤᠨ ᠤ ᠨᠤᠲᠤᠭ ᠪᠡᠯᠴᠢᠭᠡᠷ  ᠢ ᠬᠠᠮᠢᠶᠠᠷᠬᠤ ᠰᠠᠯᠠᠭ᠎ᠠ ᠮᠦᠴᠢᠷ ᠨᠤᠲᠤᠭ ᠪᠡᠯᠴᠢᠭᠡᠷ  ᠤᠨ ᠦᠭᠡᠷᠡᠴᠢᠯᠡᠯᠲᠡ  ᠶᠢᠨ ᠡᠭᠦᠷᠭᠡ  ᠵᠢ ᠰᠤᠳᠤᠯᠤᠨ ᠨᠠᠢᠢᠳᠠᠪᠤᠷᠢᠵᠢᠭᠤᠯᠬᠤ ᠪᠡᠷ ᠭᠤᠤᠯ ᠪᠤᠯᠭᠠᠨ ᠰᠠᠢᠢᠲᠤᠷ ᠠᠳᠬᠤᠵᠤ᠂ ᠰᠢᠨ᠎ᠡ ᠨᠢᠭᠡ ᠡᠭᠡᠯᠵᠢ  ᠶᠢᠨ ᠨᠤᠲᠤᠭ ᠪᠡᠯᠴᠢᠭᠡᠷ ᠤᠨ ᠨᠦᠬᠦᠪᠦᠷᠢ ᠦᠭ᠍ᠬᠦ ᠪᠠ ᠱᠠᠩᠨᠠᠬᠤ ᠲᠦᠷᠦ  ᠶᠢᠨ ᠪᠤᠳᠤᠯᠭ᠎ᠠ  ᠵᠢ ᠡᠬᠢᠯᠡᠨ ᠬᠡᠷᠡᠭᠵᠢᠭᠦᠯᠵᠦ᠂ ᠨᠤᠲᠤᠭ ᠪᠡᠯᠴᠢᠭᠡᠷ ᠤᠨ ᠠᠮᠢ ᠠᠬᠤᠢ ᠶᠢᠨ ᠤᠷᠴᠢᠨ  ᠢ ᠬᠠᠮᠠᠭᠠᠯᠠᠬᠤ ᠪᠠ ᠰᠡᠷᠭᠦᠭᠡᠵᠦ᠂ ᠬᠠᠤᠯᠢ ᠪᠡᠷ ᠨᠤᠲᠤᠭ ᠪᠡᠯᠴᠢᠭᠡᠷ  ᠢ ᠵᠠᠰᠠᠵᠤ᠂ ᠤᠳᠤᠬᠢᠴᠢᠯᠠᠭᠰᠡᠨ ᠪᠡᠯᠴᠢᠭᠡᠷ  ᠤᠨ ᠮᠠᠯ ᠠᠵᠤ ᠠᠬᠤᠢ  ᠶᠢᠨ ᠲᠠᠪᠤᠨ ᠲᠠᠯ᠎ᠠ  ᠶᠢᠨ ᠡᠭᠦᠷᠭᠡ  ᠵᠢ ᠶᠡᠬᠡ ᠬᠦᠴᠦᠨ ᠶᠢᠡᠷ ᠬᠦᠭ᠍ᠵᠢᠭᠦᠯᠵᠦ᠂ ᠨᠤᠲᠤᠭ ᠪᠡᠯᠴᠢᠭᠡᠷ  ᠢ ᠬᠠᠮᠠᠭᠠᠯᠠᠬᠤ ᠳᠦᠷᠢᠮ ᠲᠤᠭᠲᠠᠴᠠ ᠶᠢᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠶᠢ ᠲᠦᠷᠭᠡᠳᠭᠡᠬᠦ ᠬᠡᠷᠡᠭᠲᠡᠢ ᠭᠡᠵᠦ ᠱᠠᠭᠠᠷᠳᠠᠭᠰᠠᠨ ᠪᠠᠶᠢᠨ᠎ᠠ᠃

(ᠲᠠᠲᠤᠯᠭ᠎ᠠ ᠶᠢᠨ ᠰᠤᠷᠤᠭᠴᠢ ᠬᠤᠷᠴᠠ ᠰᠠᠢᠢᠷᠡᠬᠦᠯᠪᠡ)

ᠢᠷᠡᠯᠳᠡ᠄ 《ᠰᠢᠨᠵᠢᠶᠠᠩ ᠤᠨ ᠮᠠᠯ ᠠᠵᠤ ᠠᠬᠤᠢ》ᠰᠡᠳᠭᠦᠯ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119712686