蒙古文网站Logo
ᠰᠢᠨᠬᠤᠸᠠ ᠮᠤᠩᠭ᠋ᠤᠯ ᠨᠧᠲ

ᠬᠦᠬᠡᠨᠠᠭᠤᠷ ᠤᠨ 70 ᠲᠦᠮᠡᠨ ᠮᠠᠯᠴᠢᠨ ᠰᠢᠨ᠎ᠡ ᠡᠭᠡᠯᠵᠢ ᠶᠢᠨ ᠨᠤᠳᠤᠭ ᠪᠡᠯᠴᠢᠬᠡᠷ ᠤᠨ ᠱᠠᠩᠨᠠᠯ ᠨᠦᠬᠦᠪᠦᠷᠢ ᠶᠢᠨ  ᠪᠤᠳᠤᠯᠭ᠎ᠠ ᠶᠢᠨ ᠠᠰᠢᠭ ᠢ ᠬᠦᠷᠲᠡᠯ᠎ᠠ

2016-10-19 11:49

    ᠰᠢᠨᠬᠤᠸᠠ ᠬᠤᠷᠢᠶ ᠠ   ᠰᠢᠨᠢᠨᠭ᠌ ᠤᠨ 10 ᠰᠠᠷ᠎ᠠ ᠶᠢᠨ 18 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠦ ᠰᠢᠶᠤᠤ ᠹᠸᠢ) ᠰᠤᠷᠪᠤᠯᠵᠢᠯᠠᠭᠴᠢ ᠬᠦᠬᠡᠨᠠᠭᠤᠷ ᠤᠨ ᠲᠠᠷᠢᠶᠠᠯᠠᠨᠭ᠌ ᠮᠠᠯ ᠠᠵᠤ ᠠᠬᠤᠢ ᠶᠢᠨ ᠲᠢᠨᠭ᠍ᠬᠢᠮ ᠡᠴᠡ ᠤᠢᠢᠯᠠᠭᠠᠭᠰᠡᠨ ᠶᠢᠡᠷ᠂ ᠰᠢᠨ᠎ᠡ ᠨᠢᠭᠡ ᠡᠭᠡᠯᠵᠢ ᠶᠢᠨ ᠨᠤᠳᠤᠭ ᠪᠡᠯᠴᠢᠭᠡᠷ ᠢ ᠬᠠᠮᠠᠭᠠᠯᠠᠬᠤ ᠨᠦᠬᠦᠪᠦᠷᠢ ᠱᠠᠨᠭᠨᠠᠯ ᠤᠨ ᠲᠦᠷᠦ ᠶᠢᠨ ᠪᠤᠳᠤᠯᠭ᠎ᠠ ᠰᠠᠶ᠊‍ᠢᠬᠠᠨ ᠬᠦᠬᠡᠨᠠᠭᠤᠷ ᠮᠤᠵᠢ ᠳᠤ ᠵᠢᠨᠭ᠍ᠬᠢᠨᠢ ᠪᠡᠷ ᠬᠡᠷᠡᠭᠵᠢᠭᠦᠯᠦᠭᠳᠡᠪᠡ᠃ ᠢᠷᠡᠬᠦ 5 ᠵᠢᠯ ᠳᠤ ᠤᠯᠤᠰ ᠡᠴᠡ ᠬᠦᠬᠡᠨᠠᠭᠤᠷ ᠲᠤ ᠵᠢᠯ ᠪᠦᠷᠢ 24.13 ᠳ᠋ᠦᠨᠭᠰᠢᠭᠤᠷ ᠲᠦᠭᠦᠷᠢᠭ᠌ ᠤᠨ ᠨᠦᠬᠦᠪᠦᠷᠢ ᠱᠠᠨᠭᠨᠠᠯ ᠤᠨ ᠮᠦᠨᠭ᠍ᠭᠦ ᠪᠠᠭᠤᠯᠭᠠᠨ᠎ᠠ᠂ ᠡᠨᠡ ᠨᠢ ᠡᠬᠢᠨ ᠤ ᠡᠭᠡᠯᠵᠢ ᠡᠴᠡ 4.66 ᠳ᠋ᠦᠨᠭᠰᠢᠭᠤᠷ ᠲᠦᠭᠦᠷᠢᠭ᠌ ᠶᠢᠡᠷ ᠨᠡᠮᠡᠭᠳᠡᠪᠡ᠃ ᠡᠭᠦᠨ ᠲᠠᠢ ᠠᠳᠠᠯᠢ ᠪᠡᠷ ᠮᠠᠯᠯᠠᠬᠤ ᠶᠢ ᠬᠤᠷᠢᠭᠯᠠᠬᠤ ᠨᠦᠬᠦᠪᠦᠷᠢ ᠮᠦᠨᠭ᠍ᠭᠦ ᠶᠢᠨ ᠪᠠᠷᠢᠮᠵᠢᠶ ᠠ ᠬᠢᠭᠡᠳ ᠮᠠᠯ ᠪᠡᠯᠴᠢᠭᠡᠷ ᠤᠨ ᠲᠡᠨᠭᠴᠡᠭᠦᠷᠢ ᠵᠢ ᠪᠠᠲᠤᠯᠠᠬᠤ ᠱᠠᠨᠭᠨᠠᠯ ᠤᠨ ᠮᠦᠨᠭ᠍ᠭᠦ ᠴᠤ ᠮᠦ ᠪᠦᠷᠢ ᠳᠤ ᠪᠠᠨ 1.5 ᠲᠦᠭᠦᠷᠢᠭ᠌ ᠬᠢᠭᠡᠳ 1 ᠲᠦᠭᠦᠷᠢᠭ᠌ ᠢᠶᠡᠷ ᠨᠡᠮᠡᠭᠳᠡᠭᠰᠡᠨ ᠪᠠᠶᠢᠨ᠎ᠠ᠃ ᠢᠩᠬᠢᠭᠰᠡᠨ ᠢᠶᠡᠷ᠂ ᠬᠦᠬᠡᠨᠠᠭᠤᠷ ᠤᠨ 70 ᠲᠦᠮᠡ ᠭᠠᠷᠤᠢ ᠮᠠᠯᠴᠢᠨ ᠲᠤᠰ ᠲᠦᠷᠦ ᠶᠢᠨ ᠪᠤᠳᠤᠯᠭ᠎ᠠ ᠤᠨ ᠠᠰᠢᠭ ᠢ ᠬᠦᠷᠲᠡᠵᠡᠢ᠃

    ᠬᠦᠬᠡᠨᠠᠭᠤᠷ ᠪᠤᠯ ᠬᠠᠲᠤᠨ ᠭᠤᠤᠯ᠂ ᠬᠦᠬᠡ ᠮᠦᠷᠡᠨ ᠬᠢᠭᠡᠳ ᠯᠠᠨ ᠽᠠᠨᠭ᠌ ᠵᠢᠶᠠᠩ ᠮᠦᠷᠡᠨ ᠤ ᠡᠬᠢ ᠠᠪᠤᠭᠰᠡᠨ ᠭᠠᠵᠠᠷ᠂ ᠮᠦᠨ ᠴᠤ ᠮᠠᠨ ᠤ ᠤᠯᠤᠰ ᠤᠨ ᠠᠮᠢ ᠠᠬᠤᠢ ᠶᠢᠨ ᠬᠠᠮᠠᠭᠠᠯᠠᠯᠲᠠ ᠬᠢᠭᠡᠳ ᠤᠨᠴᠠᠯᠢᠭᠳᠤ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠰᠠᠭᠤᠷᠢᠨ ᠭᠠᠵᠠᠷ ᠪᠤᠯᠤᠨ᠎ᠠ᠃ ᠪᠠᠶᠢᠭᠠᠯᠢ ᠶᠢᠨ ᠨᠤᠲᠤᠭ ᠪᠡᠯᠴᠢᠭᠡᠷ 5.47 ᠳ᠋ᠦᠨᠭᠰᠢᠭᠤᠷ ᠮᠦ᠂ ᠡᠭᠦᠨ ᠳᠤ ᠠᠰᠢᠭᠯᠠᠵᠤ ᠪᠤᠯᠬᠤ ᠪᠡᠯᠴᠢᠭᠡᠷ ᠤᠨ ᠲᠠᠯᠠᠪᠠᠢ 4.74 ᠳ᠋ᠦᠨᠭᠰᠢᠭᠤᠷ ᠮᠦ᠂ ᠭᠤᠤᠯᠳᠠᠭᠤ ᠭᠤᠷᠪᠠᠨ ᠮᠦᠷᠡᠨ ᠤ ᠡᠬᠢ ᠠᠪᠤᠭᠰᠡᠨ ᠭᠠᠵᠠᠷ ᠬᠢᠭᠡᠳ ᠬᠦᠬᠡ ᠨᠠᠭᠤᠷ ᠤᠨ ᠡᠷᠭᠢᠨ ᠳᠤ ᠪᠠᠶᠢᠳᠠᠭ᠃

    2011 ᠤᠨ ᠤ 9 ᠰᠠᠷ ᠠ ᠳᠤ ᠡᠬᠢᠨ ᠤ ᠡᠭᠡᠯᠵᠢ ᠶᠢᠨ ᠨᠤᠳᠤᠭ ᠪᠡᠯᠴᠢᠭᠡᠷ ᠤᠨ ᠬᠠᠮᠠᠭᠠᠯᠠᠯᠲᠠ ᠶᠢᠨ ᠨᠦᠬᠦᠪᠦᠢ ᠱᠠᠨᠭᠨᠠᠯ ᠤᠨ ᠲᠦᠷᠦ ᠶᠢᠨ ᠪᠤᠳᠤᠯᠭ᠎ᠠ ᠵᠢ ᠬᠡᠷᠡᠭᠵᠢᠭᠦᠯᠦᠭᠰᠡᠨ ᠡᠴᠡ ᠨᠠᠭᠠᠰᠢ ᠤᠯᠤᠰ ᠡᠴᠡ ᠨᠢᠭᠡᠨᠲᠡ ᠬᠦᠬᠡᠨᠠᠭᠤᠷ ᠲᠤ 97.36 ᠳ᠋ᠦᠨᠭᠰᠢᠭᠤᠷ ᠲᠦᠭᠦᠷᠢᠭ᠌ ᠪᠠᠭᠤᠯᠭᠠᠭᠰᠡᠨ ᠪᠠᠢᠢᠨ᠎ᠠ᠃ ᠮᠦᠨ ᠨᠤᠳᠤᠭ ᠪᠡᠯᠴᠢᠭᠡᠷ ᠤᠨ ᠬᠠᠮᠢᠶᠠᠷᠤᠯᠳᠠ ᠶᠢᠨ ᠠᠵᠢᠯᠲᠠᠨ 13894 ᠡᠯᠰᠠᠵᠤ᠂ 2.45 ᠳ᠋ᠦᠨᠭᠰᠢᠭᠤᠷ ᠮᠦ ᠡᠴᠡ ᠳᠡᠭᠡᠭᠰᠢ ᠮᠠᠭᠤᠲᠠᠭᠰᠡᠨ ᠪᠡᠯᠴᠢᠭᠡᠷ ᠳᠡᠬᠡᠷ᠎ᠡ ᠮᠠᠯᠵᠢᠬᠤ ᠵᠢ ᠬᠤᠷᠢᠭᠯᠠᠵᠤ᠂ 2.29 ᠳ᠋ᠦᠨᠭᠰᠢᠭᠤᠷ ᠮᠦ ᠠᠰᠢᠭᠯᠠᠵᠤ ᠪᠤᠯᠬᠤ ᠪᠡᠯᠴᠢᠭᠡᠷ ᠲᠤ ᠮᠠᠯ ᠪᠡᠯᠴᠢᠭᠡᠷ ᠤᠨ ᠲᠡᠨᠭᠴᠡᠭᠦᠷᠢ ᠵᠢ ᠪᠠᠲᠤᠯᠠᠬᠤ ᠲᠤᠬᠢᠷᠠᠮᠵᠢᠲᠠᠢ ᠬᠠᠮᠢᠶᠠᠷᠤᠯᠲᠠ ᠵᠢ ᠬᠡᠷᠡᠭᠵᠢᠭᠦᠯᠦᠭᠰᠡᠨ ᠪᠠᠶᠢᠨ᠎ᠠ᠃

ᠢᠷᠡᠯᠳᠡ᠄ ᠰᠢᠨᠬᠤᠸᠠ ᠬᠤᠷᠢᠶ ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119747994