蒙古文网站Logo
ᠰᠢᠨᠬᠤᠸᠠ ᠮᠤᠩᠭ᠋ᠤᠯ ᠨᠧᠲ

36 ᠳ᠋ᠤᠭᠠᠷ ᠬᠤᠭᠤᠴᠠᠭᠠᠨ ᠤ᠋ ᠪᠡᠭᠡᠵᠢᠩ ᠤ᠋ᠨ ᠨᠠᠭᠠᠳᠤᠮ ᠤᠳᠬ᠎ᠠ ᠲᠡᠭᠦᠯᠳᠡᠷ ᠪᠤᠯᠤᠯ᠎ᠠ

2016-10-22 20:32

    ᠰᠢᠨᠬᠤᠸᠠ ᠮᠣᠩᠭᠣᠯ ᠨᠧᠲ   ᠪᠡᠭᠡᠵᠢᠩ ᠤᠨ 10 ᠰᠠᠷ᠎ᠠ ᠶᠢᠨ 22 ᠤᠨ ᠡᠳᠦᠷ ᠤᠨ ᠴᠠᠬᠢᠯᠭᠠᠨ ᠮᠡᠳᠡᠭᠡ (ᠰᠠᠷᠠᠨᠲᠤᠶᠠᠭ᠎ᠠ᠂ ᠬ·ᠦᠵᠡᠰᠭᠦᠯᠡᠩ᠂ ᠰᠤᠷᠤᠶ᠎ᠠ᠂ ᠬᠡᠤᠬᠡᠨᠰᠤᠯᠢ) ᠲᠤᠰ ᠡᠳᠦᠷ ᠤᠨ ᠦᠷᠯᠦᠬᠡ᠂ ᠪᠡᠯᠭᠡ ᠳᠡᠮᠪᠡᠷᠢᠯ ᠬᠤᠷᠠᠶᠢᠯᠠᠵᠤ᠂ ᠨᠠᠭᠠᠳᠤᠮᠴᠢᠨ ᠤᠯᠠᠨ ᠢᠶᠡᠨ ᠪᠠᠶᠠᠰᠬᠠᠭᠰᠠᠨ 36 ᠳ᠋ᠤᠭᠠᠷ ᠬᠤᠭᠤᠴᠠᠭᠠᠨ ᠤ ᠪᠡᠭᠡᠵᠢᠩ ᠤᠨ ᠨᠡᠭᠠᠳᠤᠮ ᠨᠡᠶᠢᠰᠯᠡᠯ ᠬᠤᠲᠠ ᠳ᠋ᠦ ᠪᠠᠶᠢᠷᠢᠯᠠᠭᠰᠠᠨ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠶᠢᠨ ᠪᠡᠶ᠎ᠠ ᠶᠢᠨ ᠲᠠᠮᠢᠷ ᠤᠨ ᠲᠠᠯᠠᠪᠤᠷ ᠲᠤ᠂ ᠮᠤᠨᠭᠭᠤᠯ ᠦᠨᠳᠦᠰᠦᠲᠡᠨ ᠤ ᠨᠡᠷᠡᠳᠦ ᠰᠢᠨᠵᠢᠯᠡᠬᠦ ᠤᠬᠠᠭᠠᠨᠲᠠᠨ᠂ ᠴᠠᠩ ᠴᠧᠩ ᠠᠵᠤ ᠦᠢᠯᠡᠳᠪᠦᠷᠢ ᠶᠢᠨ ᠪᠦᠯᠦᠭᠯᠡᠯ ᠤᠨ ᠵᠡᠬᠢᠷᠤᠯ ᠦᠬᠡᠷ ᠨᠠᠰᠤᠲᠠᠨ ᠤ ᠵᠠᠷᠯᠠᠯ ᠳᠠᠭᠠᠤ ᠤᠳᠬ᠎ᠠ ᠲᠡᠭᠦᠯᠳᠡᠷ ᠨᠡᠭᠡᠭᠡᠯᠲᠡ ᠪᠡᠨ ᠬᠢᠯ᠎ᠠ᠃

    ᠨᠡᠭᠡᠭᠡᠯᠲᠡ ᠶᠢᠨ ᠦᠶ᠎ᠠ ᠪᠡᠷ᠂ ᠪᠡᠭᠡᠵᠢᠩ ᠤᠨ ᠮᠣᠩᠭᠣᠯᠴᠤᠳ ᠤᠨ ᠠᠵᠢᠯᠯᠠᠵᠤ ᠰᠤᠷᠤᠯᠴᠠᠵᠤ ᠪᠤᠢ ᠠᠯᠪᠠᠨ ᠪᠠᠶᠢᠭᠤᠯᠭ᠎ᠠ᠂ ᠠᠵᠤ ᠠᠬᠤᠶᠢᠯᠠᠯ᠂ ᠨᠡᠶᠢᠭᠡᠮ ᠤᠨ ᠵᠤᠬᠢᠶᠠᠨ ᠪᠠᠶᠢᠭᠤᠯᠤᠯᠲᠠ ᠪᠤᠯᠤᠨ ᠮᠣᠩᠭᠣᠯ ᠤᠯᠤᠰ᠂ ᠦᠪᠦᠷ ᠮᠤᠩᠭᠤᠯ᠂ ᠬᠦᠬᠡᠨᠠᠭᠤᠷ᠂ ᠰᠢᠨᠵᠢᠶᠠᠩ᠂ ᠱᠧᠨ᠋ᠵᠧᠨ᠂ ᠳ᠋ᠠᠯᠢᠶᠠᠨ ᠵᠡᠷᠭᠡ ᠳᠦᠷᠪᠡᠨ ᠵᠦᠭ ᠨᠠᠢᠮᠠᠨ ᠵᠤᠪᠬᠢᠰ ᠡᠴᠡ ᠬᠦᠷᠦᠯᠴᠡᠨ ᠢᠷᠡᠭᠰᠡᠨ ᠮᠣᠩ᠋ᠭᠣᠯᠴᠤᠳ ᠤᠨ ᠲᠦᠯᠦᠭᠡᠯᠡᠬᠦ ᠪᠠᠭ ᠤᠨ ᠬᠢᠨ ᠰᠦᠨ ᠰᠠᠴᠤᠯᠢ᠂ ᠰᠠᠮᠪᠠᠢ ᠬᠠᠳᠠᠭ ᠤᠨ ᠢᠶᠡᠨ ᠬᠠᠮᠲᠤ ᠲᠠᠯᠠᠪᠠᠢ ᠳᠦ ᠤᠷᠤᠵᠤ ᠮᠣᠩᠭᠣᠯ ᠨᠠᠭᠠᠳᠤᠮ ᠢᠶᠡᠷ ᠢᠶᠡᠨ ᠢᠵᠢᠯᠰᠢᠨ ᠪᠠᠶᠠᠷᠯᠠᠯᠳᠤᠯ᠎ᠠ᠃ ᠮᠦᠨ ᠨᠡᠭᠡᠭᠡᠯᠲᠠ ᠶᠢᠨ ᠦᠶ᠎ᠠ ᠪᠡᠷ᠂ ᠪᠡᠭᠡᠵᠢᠩ ᠤᠨ ᠨᠠᠭᠠᠳᠤᠮ ᠤᠨ ᠡᠭᠦᠰᠦᠯ ᠬᠦᠭ᠍ᠵᠢᠯ ᠳᠦ ᠬᠦᠴᠦ ᠤᠬᠠᠭᠠᠨ ᠢᠶᠡᠨ ᠰᠢᠪᠬᠠᠵᠤ᠂ ᠬᠦᠨᠳᠦᠬᠡᠨ ᠬᠤᠪᠢ ᠨᠡᠮᠡᠷᠢ ᠤᠷᠤᠭᠤᠯᠤᠭᠰᠠᠨ ᠸᠠᠩ ᠮᠠᠨᠳᠤᠭ᠎ᠠ᠂ ᠨᠠᠮᠲᠠᠶᠢᠰᠦ᠋ᠷᠦᠩ᠂ ᠢᠳᠡᠷ᠂ ᠪᠠᠭᠠᠨ᠎ᠠ ᠨᠡᠷ ᠲᠦ ᠢᠷᠠᠭᠤ ᠠᠯᠳᠠᠷ ᠤᠨ ᠦᠨᠠᠮᠯᠠᠯ ᠭᠠᠷᠳᠠᠭᠤᠯᠪᠠ᠃ ᠪᠠᠰᠠ ᠳᠠᠭᠤᠤ ᠬᠤᠭᠤᠷ ᠤᠶᠠᠩᠭ᠋ᠷᠠᠭᠰᠠᠨ ᠮᠣᠩᠭᠣᠯ ᠲᠤᠭᠯᠠᠯᠲᠠ ᠨᠤᠭᠤᠳ ᠢ ᠰᠤᠨᠢᠷᠬᠠᠭᠤᠯᠵᠤ᠂ ᠲᠠᠯᠠᠪᠠᠢ ᠳ᠋ᠦ ᠬᠤᠷᠠᠭᠰᠠᠨ ᠡᠯ᠎ᠠ ᠦᠨᠳᠦᠰᠦᠲᠡᠨ ᠤ᠋ ᠦᠵᠡᠭᠴᠢᠳ ᠤ᠋ᠨ ᠬᠠᠷᠠᠭ᠎ᠠ ᠶᠢ ᠪᠠᠶᠠᠰᠬᠠᠯ᠎ᠠ᠃ ᠨᠠᠭᠠᠳᠤᠮ ᠨᠢ ᠨᠢᠬᠡ ᠡᠳᠦᠷ ᠦᠷᠭᠦᠯᠵᠢᠯᠡᠵᠤ᠂ ᠪᠦᠬᠡ ᠪᠠᠷᠢᠯᠳᠤᠬᠤ᠂ ᠰᠤᠷ ᠬᠠᠷᠪᠤᠬᠤ᠂ ᠮᠣᠩᠭᠣᠯ ᠰᠢᠲᠡᠷ᠎᠎ᠠ ᠮᠦᠷᠦᠶᠢᠴᠡᠬᠦ᠂ ᠰᠠᠭᠰᠤᠨ ᠪᠦᠮᠪᠦᠭᠡ᠂ ᠬᠦᠯ ᠪᠦᠮᠪᠦᠭᠡ ᠤᠷᠤᠯᠳᠤᠬᠤ ᠵᠡᠷᠬᠡ ᠤᠷᠤᠯᠳᠤᠭᠠᠨ ᠤ ᠲᠦᠷᠦᠯ ᠪᠡ ᠦᠨᠳᠦᠰᠦᠲᠡᠨ ᠤ ᠲᠠᠧᠠᠷ ᠤᠨ ᠦᠵᠡᠭᠦᠯᠦᠯᠭᠡ᠂ ᠤᠷᠠᠨ ᠰᠠᠶᠢᠬᠠᠨ ᠤ ᠲᠤᠭᠯᠠᠯᠲᠠ ᠵᠡᠷᠭᠡ ᠪᠠᠶᠠᠯᠢᠭ ᠠᠭᠤᠯᠭ᠎ᠠ ᠪᠡᠷ ᠵᠤᠬᠢᠶᠠᠨ ᠪᠠᠶᠢᠭᠤᠯᠤᠭᠳᠠᠯ᠎ᠠ᠃

    ᠲᠤᠰ ᠤᠳᠠᠭᠠᠨ ᠤ ᠨᠠᠭᠠᠳᠤᠮ ᠢ ᠪᠡᠭᠡᠵᠢᠩ ᠤᠨ ᠨᠠᠭᠠᠳᠤᠮ ᠤᠨ ᠵᠤᠬᠢᠶᠠᠨ ᠪᠠᠶᠢᠭᠤᠯᠬᠤ ᠺᠤᠮᠢᠰ ᠡᠴᠡ ᠰᠠᠨᠠᠭᠠᠴᠢᠯᠠᠵᠦ᠂ ᠪᠠᠭᠡᠵᠢᠩ ᠳ᠋ᠡᠬᠢ ᠲᠦᠩᠯᠢᠶᠤᠤ ᠶᠢᠨ ᠬᠤᠳᠠᠯᠳᠤᠭᠠᠴᠢᠳ ᠤᠨ ᠡᠪᠯᠡᠯ ᠪᠤᠯᠤᠨ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠶᠢᠨ ᠮᠤᠨᠭᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠡᠴᠡ ᠵᠤᠬᠢᠶᠠᠨ ᠪᠠᠶᠢᠭᠤᠯᠵᠦ᠂ ᠪᠡᠬᠡᠵᠢᠩ ᠤᠨ ᠨᠦᠬᠦᠷᠰᠡᠭ᠌ ᠬᠤᠯᠪᠤᠭᠠᠨ ᠤ ᠨᠡᠶᠢᠭᠡᠮᠯᠢᠭ᠌᠂ ᠦᠪᠦᠷ ᠮᠤᠨᠭᠭᠤᠯ ᠤᠨ ᠪᠤᠭᠤᠲᠤ ᠬᠤᠲᠠ ᠶᠢᠨ ᠳᠠᠷᠬᠠᠨ ᠮᠤᠤᠮᠢᠨᠭᠭᠠᠨ ᠬᠤᠯᠪᠤᠭᠠᠲᠤ ᠬᠤᠰᠢᠭᠤᠨ ᠤ ᠠᠷᠠᠳ ᠤᠨ ᠵᠠᠰᠠᠬ ᠤᠨ ᠤᠷᠳᠤᠨ᠂ ᠰᠢᠨᠬᠤᠸᠠ ᠮᠤᠨᠭᠭᠤᠯ ᠨᠧᠲ᠂ ᠲᠦᠪ ᠤᠨ ᠠᠷᠠᠳ ᠤᠨ ᠷᠠᠳᠢᠤ‍ ᠨᠡᠪᠳᠡᠷᠡᠬᠦᠯᠬᠡ ᠶᠢᠨ ᠬᠤᠷᠢᠶᠠᠨ ᠤ ᠮᠤᠨᠭᠭᠤᠯ ᠬᠡᠯᠡᠨ ᠤ ᠬᠡᠯᠳᠡᠰ᠂ ᠳᠤᠮᠳᠠᠳᠤ ᠤᠯᠤᠰ ᠤᠨ ᠤᠯᠠᠨ ᠤᠯᠤᠰ ᠤᠨ ᠷᠠᠳᠢᠤ‍ ᠨᠡᠪᠳᠡᠷᠡᠬᠦᠯᠬᠡ ᠶᠢᠨ ᠬᠤᠷᠢᠶᠠᠨ ᠤ ᠮᠤᠨᠭᠭᠤᠯ ᠬᠡᠯᠡᠨ ᠤ ᠬᠡᠯᠲᠡᠰ᠂ ᠠᠷᠠᠳ ᠤᠨ ᠰᠦᠯᠵᠢᠶ᠎ᠡ ᠶᠢᠨ ᠮᠤᠨᠭᠭᠤᠯ ᠬᠡᠯᠡᠨ ᠤ ᠰᠤᠪᠠᠬ ᠵᠡᠷᠭᠡ ᠬᠤᠷᠢᠭᠠᠳ ᠪᠠᠶᠢᠭᠤᠯᠭ᠎ᠠ ᠨᠢᠭᠡᠴᠡ ᠶᠢᠨ ᠬᠢᠨ ᠬᠠᠮᠵᠢᠯᠴᠠᠬᠰᠠᠨ ᠶᠤᠮ᠃

ᠢᠷᠡᠯᠳᠡ᠄ ᠰᠢᠨᠬᠤᠸᠠ ᠮᠣᠩᠭᠣᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119768285