蒙古文网站Logo
ᠰᠢᠨᠬᠤᠸᠠ ᠮᠤᠩᠭ᠋ᠤᠯ ᠨᠧᠲ

ᠦᠪᠦᠷ ᠮᠤᠨᠭᠭᠤᠯ᠄ ᠬᠤᠨ ᠭᠠᠯᠠᠭᠤ ᠵᠢ ᠬᠦᠨᠦᠭᠡᠭ᠍ᠰᠡᠨ ᠬᠡᠷᠡᠭ ᠤᠨ ᠰᠡᠵᠢᠭᠲᠡᠨ ᠢ ᠪᠦᠬᠦᠨ ᠢ ᠪᠠᠷᠢᠪᠴᠢᠯᠠᠪᠠ

2016-11-04 12:00

    ᠤᠶᠢᠷ᠎ᠠ ᠶᠢᠨ ᠡᠳᠦᠷ ᠬᠡᠪᠯᠡᠯ ᠮᠡᠳᠡᠭᠡᠯᠡᠯ ᠤᠨ ᠬᠢᠨ ᠢᠶᠡᠷ ᠦᠷᠭᠡᠨ ᠰᠠᠴᠤᠬᠳᠠᠵᠦ ᠬᠦᠮᠦᠰ ᠤᠨ ᠠᠨᠭᠬᠠᠷᠤᠯ ᠳᠤ ᠬᠦᠷᠦᠭ᠍ᠰᠡᠨ ᠬᠤᠨ ᠭᠠᠯᠠᠭᠤ ᠵᠢ ᠬᠦᠨᠦᠭᠡᠭ᠍ᠰᠡᠨ ᠬᠡᠷᠡᠭ ᠤᠨ 7 ᠰᠡᠵᠢᠭᠲᠡᠨ ᠢ ᠪᠠᠷᠢᠪᠴᠢᠯᠠᠬᠰᠠᠨ ᠮᠡᠳᠡᠭᠡ ᠵᠢ ᠦᠨᠦᠳᠦᠷ ᠪᠤᠶᠤ 11 ᠰᠠᠷ᠎ᠠ ᠶᠢᠨ 4 ᠤ᠋ ᠡᠳᠦᠷ ᠦᠪᠦᠷ ᠮᠤᠨᠭᠭᠤᠯ ᠤᠨ ᠰᠢᠯᠢ ᠶᠢᠨ ᠭᠤᠤᠯ ᠠᠶᠢᠮᠠᠬ ᠤᠨ ᠰᠢᠯᠤᠭᠤᠨ ᠬᠦᠭᠡ ᠬᠤᠰᠢᠭᠤᠨ ᠤ ᠬᠡᠪᠯᠡᠯ ᠮᠡᠳᠡᠭᠡᠯᠡᠯ ᠤᠨ ᠠᠯᠪᠠᠨ ᠡᠴᠡ ᠵᠠᠷᠯᠠᠵᠠᠢ᠃ ᠲᠤᠰ ᠬᠡᠷᠡᠭ ᠢ ᠤᠳᠤ ᠶᠠᠬ ᠴᠢᠨᠠᠬᠰᠢᠲᠠ ᠰᠢᠭᠦᠵᠦ ᠪᠤᠢ᠃

    ᠦᠪᠦᠷ ᠮᠤᠨᠭᠭᠤᠯ ᠤᠨ ᠰᠢᠯᠦᠭᠤᠨ ᠬᠦᠭᠡ ᠬᠤᠰᠢᠭᠤᠨ ᠳᠤ ᠡᠭᠦᠰᠦᠭ᠍ᠰᠡᠨ ᠬᠤᠨ ᠭᠠᠯᠠᠭᠤ ᠬᠦᠨᠦᠭᠡᠭ᠍ᠰᠡᠨ ᠬᠡᠷᠡᠭ ᠠᠨᠭᠬ᠎ᠠ 10 ᠰᠠᠷ᠎ ᠠ ᠶᠢᠨ 23 ᠤ᠋ ᠡᠳᠦᠷ ᠬᠦᠮᠦᠰ ᠲᠤ ᠰᠤᠨᠤᠷᠳᠠᠵᠦ᠂ 10 ᠰᠠᠷ᠎ᠠ ᠶᠢᠨ 24 ᠤ᠋ ᠡᠳᠦᠷ ᠡᠴᠡ ᠡᠬᠢᠯᠡᠨ ᠤᠯᠤᠰ ᠤᠨ ᠲᠤᠳᠤᠭᠠᠳᠤ ᠶᠢᠨ ᠡᠯ᠎ᠡ ᠬᠡᠪᠯᠡᠯ ᠮᠡᠳᠡᠭᠡᠯᠡᠯ ᠤᠨ ᠬᠢᠨ ᠳᠤ ᠠᠨᠭᠬᠠᠷᠤᠬᠳᠠᠵᠠᠢ᠃ 10 ᠰᠠᠷ᠎ᠠ ᠶᠢᠨ 25 ᠤ᠋ ᠡᠳᠦᠷ ᠠᠯᠪᠠᠨ ᠲᠠᠯ᠎ᠠ ᠶᠢᠨ ᠬᠢᠨ 233 ᠳᠡᠭᠳᠡᠭᠡᠬᠡᠢ ᠬᠤᠨ᠂ 26 ᠨᠤᠭᠤᠭᠠᠨ ᠬᠤᠰᠢᠭᠤᠲᠤ ᠨᠤᠭᠤᠰᠤ ᠵᠢ ᠪᠠᠬᠲᠠᠭᠠᠬᠰᠠᠨ ᠬᠤᠨᠲᠤ ᠨᠠᠭᠤᠷ ᠤᠨ 259 ᠨᠡᠭᠦᠳᠡᠯ ᠤᠨ ᠰᠢᠪᠠᠭᠤᠳ ᠬᠦᠨᠦᠭᠡᠭ᠍ᠳᠡᠭ᠍ᠰᠡᠨ ᠶᠠᠪᠤᠳᠠᠯ ᠢ ᠨᠡᠶᠢᠭᠡᠮ ᠳᠤ ᠨᠡᠶᠢᠲᠡᠯᠡᠭᠰᠡᠨ ᠪᠦᠭᠡᠳ ᠮᠦᠨ ᠲᠤᠰ ᠡᠳᠦᠷ ᠤᠨ ᠤᠷᠤᠢ ᠡᠨᠡ ᠨᠢ ᠬᠤᠯᠠᠭᠠᠶᠢᠯᠠᠨ ᠠᠨᠭᠨᠠᠬᠴᠢᠳ ᠬᠤᠤᠷ ᠲᠠᠯᠪᠢᠵᠦ ᠬᠦᠨᠦᠭᠡᠭ᠍ᠰᠡᠨ ᠡᠷᠡᠭᠦᠦ ᠶᠢᠨ ᠬᠡᠷᠡᠭ ᠪᠤᠯᠬᠤ ᠵᠢ ᠠᠨᠭᠬ᠎ᠠ ᠨᠤᠲᠠᠯᠠᠵᠢ᠃

    ᠬᠡᠷᠡᠭ ᠤᠨ ᠳᠠᠷᠠᠭ᠎ᠠ ᠰᠢᠯᠢ ᠶᠢᠨ ᠭᠤᠤᠯ ᠠᠶᠢᠮᠠᠬ ᠤᠨ ᠨᠠᠮ ᠤᠨ ᠬᠤᠷᠢᠶ᠎ᠠ᠂ ᠠᠢᠮᠠᠭ ᠤᠨ ᠵᠠᠬᠢᠷᠭ᠎ᠠ ᠡᠴᠡ ᠲᠤᠰᠬᠠᠢ ᠬᠡᠷᠡᠭ ᠤᠨ ᠪᠠᠬ ᠵᠤᠬᠢᠶᠠᠨ ᠪᠠᠶᠢᠭᠤᠯᠵᠤ᠂ ᠭᠠᠵᠠᠷ ᠳᠡᠭᠡᠷ᠎ᠡ ᠨᠢ ᠪᠠᠶᠢᠴᠠᠭᠠᠬᠤ᠂ ᠠᠰᠠᠭᠤᠨ ᠯᠠᠪᠯᠠᠬᠤ᠂ ᠤᠷᠠᠮᠰᠢᠭᠤᠯᠤᠯ ᠤᠨ ᠠᠷᠭ᠎ᠠ ᠪᠡᠷ ᠰᠦᠪᠡᠭ᠍ᠴᠢ ᠡᠷᠢᠬᠦ ᠵᠡᠷᠭᠡ ᠤᠯᠠᠨ ᠠᠷᠭ᠎ᠠ ᠬᠡᠮᠵᠢᠶ᠎ᠡ ᠠᠪᠴᠤ᠂ ᠠᠭᠠᠵᠢᠮ ᠢᠶᠡᠷ ᠵᠠᠩᠭᠢᠯᠠᠭ᠎ᠠ ᠶᠢᠨ ᠰᠦᠪᠡᠭ᠍ᠴᠢ ᠵᠢ ᠡᠵᠡᠮᠰᠢᠵᠡᠢ᠃ ᠲᠠᠶᠢᠨᠬᠦ 9 ᠬᠤᠨᠤᠬ ᠤᠨ ᠰᠢᠷᠭᠠᠭᠤ ᠴᠢᠷᠮᠠᠶᠢᠯᠭ᠎ᠠ ᠪᠡᠷ ᠪᠡᠭᠡᠵᠢᠩ᠂ ᠲᠢᠶᠠᠨᠵᠢᠨ᠂ ᠭᠢᠷᠢᠨ᠂ ᠾᠧᠪᠧᠢ ᠵᠡᠷᠭᠡ ᠭᠠᠵᠠᠷ ᠲᠤ ᠤᠷᠭᠤᠨ ᠳᠤᠲᠠᠭᠠᠬᠰᠠᠨ ᠢᠦᠢ ᠤᠪᠤᠬᠲᠤ ᠵᠡᠷᠭᠡ 7 ᠬᠡᠷᠡᠭ ᠤᠨ ᠰᠡᠵᠢᠭ᠍ᠲᠡᠨ ᠢ ᠪᠦᠬᠦᠨ ᠢ ᠪᠠᠷᠢᠪᠴᠢᠯᠠᠬᠰᠠᠨ ᠪᠠᠶᠢᠨ᠎ᠠ᠃ (ᠰᠤᠷᠪᠤᠯᠵᠢᠯᠠᠬᠴᠢ ᠯᠢ ᠠᠢ ᠫᠢᠩ)

ᠢᠷᠡᠯᠳᠡ᠄ ᠳᠤᠮᠳᠠᠳᠤ ᠤᠯᠤᠰ ᠤᠨ ᠰᠤᠨᠢᠨ ᠮᠡᠳᠡᠭᠡᠨ ᠤ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119850753