蒙古文网站Logo
ᠰᠢᠨᠬᠤᠸᠠ ᠮᠤᠩᠭ᠋ᠤᠯ ᠨᠧᠲ

ᠲᠢᠶᠠᠨ ᠮᠤᠤ ᠶᠢᠨ 《ᠬᠤᠤᠰ11》 ᠶ᠌ᠢᠨ ᠰᠤᠯᠢᠯᠴᠠᠭᠠᠨ ᠤ ᠦᠷᠲᠡᠭ 1000 ᠳ᠋ᠦ᠋ᠩᠰᠢᠭᠤᠷ ᠲᠦᠭᠦᠷᠢᠭ᠌ ᠢ ᠲᠠᠪᠠᠪᠠ

2016-11-12 18:02

    ᠰᠢᠨᠬᠤᠸᠠ ᠬᠤᠷᠢᠶ᠎ᠠ  ᠪᠡᠭᠡᠵᠢᠩ ᠤᠨ 11 ᠰᠠᠷ᠎ᠠ ᠶᠢᠨ 11 ᠤ᠋ ᠡᠳᠦᠷ ᠤᠨ ᠴᠠᠬᠢᠯᠭᠠᠨ ᠮᠡᠳᠡᠭᠡ( ᠰᠤᠷᠪᠤᠯᠵᠢᠯᠠᠬᠴᠢ ᠢᠦᠢ ᠵᠢᠶᠠ ᠰᠢᠨ ) 11 ᠰᠠᠷ᠎ᠠ ᠶᠢᠨ 11 ᠤ᠋ ᠡᠳᠦᠷ ᠤᠨ 18᠄ 55᠄ 36 ᠴᠠᠬ ᠪᠤᠯᠲᠠᠯ᠎ᠠ᠂ 2016 ᠤᠨ ᠤ ᠲᠢᠶᠠᠨ ᠮᠤᠤ ᠴᠠᠬᠢᠮ ᠬᠤᠳᠠᠯᠳᠤᠭᠠᠨ ᠤ ᠲᠠᠪᠴᠠᠩ ᠤᠨ 《ᠬᠤᠤᠰ11》  ᠶ᠋ᠢᠨ ᠬᠢᠮᠳᠠᠷᠠᠯ ᠲᠠᠢ ᠬᠤᠳᠠᠯᠳᠤᠬᠤ ᠪᠠᠶᠠᠷ ᠢᠶᠡᠷ ᠰᠤᠯᠢᠯᠴᠠᠬᠰᠠᠨ ᠦᠷᠲᠡᠭ 1000 ᠳ᠋ᠦ᠋ᠩᠰᠢᠭᠤᠷ ᠲᠦᠭᠦᠷᠢᠭ᠌ ᠢ ᠳᠠᠪᠠᠵᠠᠢ᠃ ᠲᠡᠶᠢᠨᠬᠦ ᠲᠢᠶᠠᠨ ᠮᠤᠤ ᠨᠢ ᠡᠨᠡ ᠤᠨ ᠳᠤ1 9 ᠴᠠᠬ ᠤᠨ ᠲᠤᠳᠤᠷ᠎ᠠ ᠦᠩᠭᠡᠷᠡᠭᠰᠡᠨ ᠤᠨ ᠤ 《ᠬᠤᠤᠰ11》 ᠶ᠋ᠢᠨ ᠪᠦᠬᠦᠯᠢ ᠡᠳᠦᠷ ᠤᠨ ᠰᠤᠯᠢᠯᠴᠠᠭᠠᠨ ᠤ ᠦᠷᠲᠡᠭ 912 ᠳ᠋ᠦ᠋ᠩᠰᠢᠭᠤᠷ ᠲᠦᠭᠦᠷᠢᠭ᠌ ᠢ ᠳᠠᠪᠠᠵᠦ᠂ ᠵᠢᠩᠬᠢᠨᠢ ᠪᠡᠷ 1000 ᠳ᠋ᠦ᠋ᠩᠰᠢᠭᠤᠷ ᠤᠨ ᠪᠤᠱᠤᠭ᠎ᠠ ᠵᠢ ᠠᠯᠬᠤᠯ᠎ᠠ᠃

    ᠠᠯᠢ ᠪᠠᠪᠠ ᠪᠦᠯᠦᠭᠯᠡᠯ ᠤᠨ ᠲᠠᠨᠢᠯᠴᠠᠭᠤᠯᠤᠬᠰᠠᠨ ᠢᠶᠡᠷ᠂ 18᠄ 55 ᠴᠠᠬ ᠪᠤᠯᠲᠠᠯ᠎ᠠ 《ᠬᠤᠤᠰ11》 ᠶ᠋ᠢᠨ ᠤᠲᠠᠰᠤ ᠦᠭᠡᠢ ᠪᠠᠭᠠᠵᠢ ᠪᠡᠷ ᠰᠤᠯᠢᠯᠴᠠᠬᠰᠠᠨ ᠦᠷᠲᠡᠭ 82.42% ᠵᠢ ᠡᠵᠡᠯᠡᠵᠦ᠂ ᡁᠢ ᠹᠦ᠋ ᠪᠤᠤ(支付宝) ᠪᠡᠷ ᠰᠤᠯᠢᠯᠴᠠᠬᠰᠠᠨ ᠦᠷᠲᠡᠭ 8.2 ᠳ᠋ᠦ᠋ᠩᠰᠢᠭᠤᠷ ᠲᠦᠭᠦᠷᠢᠭ᠌ ᠬᠦᠷᠴᠦ᠂ ᠦᠩᠭᠡᠷᠡᠭᠰᠡᠨ ᠤᠨ ᠤ ᠪᠦᠬᠦᠯᠢ ᠡᠳᠦᠷ ᠲᠤ ᡁᠢ ᠹᠦ᠋ ᠪᠤᠤ ᠪᠡᠷ ᠰᠤᠯᠢᠯᠴᠠᠬᠰᠠᠨ ᠦᠷᠲᠡᠭ ᠢ ᠳᠠᠪᠠᠵᠠᠢ᠃ ᠰᠤᠯᠢᠯᠴᠠᠬᠰᠠᠨ ᠦᠷᠲᠡᠭ ᠬᠠᠮᠤᠬ ᠤᠨ ᠠᠷᠪᠢᠨ ᠦᠶ᠎ᠡ ᠳᠤ ᠰᠧᠺᠦ᠋ᠨ᠋ᠲ ᠪᠦᠷᠢ 12 ᠲᠦᠮᠡᠨ ᠲᠦᠭᠦᠷᠢᠭ᠌ ᠲᠤᠯᠵᠦ᠂ ᠦᠩᠭᠡᠷᠡᠭᠰᠡᠨ ᠤᠨ ᠡᠴᠡ 1.4 ᠳᠠᠬᠢᠨ ᠨᠡᠮᠡᠭᠳᠡᠬᠦ ᠶᠢᠨ ᠵᠡᠷᠭᠡᠪᠡᠷ ᠳᠡᠮᠳᠡᠭᠯᠡᠯ ᠢᠶᠡᠨ ᠰᠢᠨᠡᠳᠬᠡᠭ᠍ᠰᠡᠨ ᠪᠠᠶᠢᠨ᠎ᠠ᠃ ᠲᠦᠷᠭᠡᠨ ᠭᠤᠪᠢᠭᠤᠯᠭ᠎ᠠ ᠶᠢᠨ ᠵᠠᠬᠢᠶᠠᠯᠠᠭ᠎ᠠ 5.31 ᠳ᠋ᠦ᠋ᠩᠰᠢᠭᠤᠷ ᠬᠦᠷᠴᠦ᠂ ᠳᠡᠯᠡᠬᠡᠢ ᠶᠢᠨ224 ᠤᠯᠤᠰ ᠤᠷᠤᠨ ᠤ ᠨᠧᠲ ᠠᠰᠢᠬᠯᠠᠬᠴᠢᠳ ᠪᠤᠶᠤ ᠬᠡᠷᠡᠭᠯᠡᠭᠴᠢᠳ 《ᠬᠤᠤᠰ11》  ᠶ᠋ᠢᠨ ᠠᠵᠢᠯᠯᠠᠭ᠎ᠠ ᠳᠤ ᠤᠷᠤᠯᠴᠠᠵᠠᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119899739