蒙古文网站Logo
ᠰᠢᠨᠬᠤᠸᠠ ᠮᠤᠩᠭ᠋ᠤᠯ ᠨᠧᠲ

ᠮᠠᠨ ᠤ ᠤᠯᠤᠰ ᠤᠨ ᠠᠩᠬᠠᠲᠠᠭᠴᠢ ᠤᠷᠤᠨ ᠨᠤᠲᠤᠭ ᠤᠨ ᠤᠢᠢᠯᠠᠯᠭ᠎ᠠ ᠶᠢᠨ ᠮᠤᠩᠭ᠋ᠤᠯ ᠬᠢᠲᠠᠳ ᠮᠡᠲᠡᠭᠡᠯᠡᠯ ᠤᠨ ᠲᠠᠪᠴᠠᠩ ᠠᠰᠢᠭᠯᠠᠯᠲᠠ ᠳ᠋ᠤ ᠤᠷᠤᠪᠠ

2016-12-06 17:41

    ᠰᠢᠨᠬᠤᠸᠠ ᠮᠤᠩᠭ᠋ᠤᠯ ᠨᠧᠲ   ᠬᠦᠬᠡᠬᠤᠲᠠ ᠶᠢᠨ 12 ᠰᠠᠷ᠎ᠠ ᠶᠢᠨ 6 ᠤ ᠡᠲᠦᠷ ᠤᠨ ᠴᠠᠬᠢᠯᠭᠠᠨ ᠮᠡᠲᠡᠭᠡ (ᠬ·ᠦᠵᠡᠰᠭᠦᠯᠡᠩ) ᠤᠶᠢᠷ᠎ᠠ ᠶᠢᠨ ᠡᠳᠦᠷ᠂ ᠦᠪᠦᠷ ᠮᠤᠩᠭ᠋ᠤᠯ ᠤᠨ ᠤᠷᠤᠨ ᠨᠤᠲᠤᠭ ᠤᠨ ᠤᠢᠢᠯᠠᠯᠭ᠎ᠠ ᠶᠢᠨ ᠮᠤᠩᠭ᠋ᠤᠯ ᠬᠢᠲᠠᠳ ᠮᠡᠲᠡᠭᠡᠯᠡᠯ ᠤᠨ ᠲᠠᠪᠴᠠᠩ ᠵᠢᠩᠬᠢᠨᠢ ᠪᠡᠷ ᠠᠰᠢᠭᠯᠠᠯᠲᠠ ᠳ᠋ᠤ ᠤᠷᠤᠯ᠎ᠠ᠃

    ᠤᠢᠢᠯᠠᠭᠠᠭᠰᠠᠨ ᠶᠢᠡᠷ᠂ ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤ ᠤᠷᠤᠨ ᠨᠤᠲᠤᠭ ᠤᠨ ᠤᠢᠢᠯᠠᠯᠭ᠎ᠠ ᠶᠢᠨ ᠠᠯᠪᠠᠨ ᠡᠴᠡ ᠰᠤᠷᠠᠭ ᠵᠠᠩᠬᠢᠴᠢᠯᠠᠯᠲᠠ ᠶᠢᠨ ᠠᠵᠢᠯ ᠢ ᠴᠢᠬᠤᠯᠠᠴᠢᠯᠠᠵᠤ᠂ 2015 ᠤᠨ ᠡᠴᠡ ᠦᠪᠦᠷ ᠮᠤᠩᠭ᠋ᠤᠯ ᠤᠷᠤᠨ ᠤ ᠪᠠᠢᠢᠲᠠᠯ ᠤᠨ ᠮᠤᠩᠭ᠋ᠤᠯ ᠬᠡᠯᠡᠨ ᠤ ᠰᠦᠯᠵᠢᠶ᠎ᠠ᠂ ᠭᠠᠷ ᠤᠲᠠᠰᠤᠨ ᠰᠦᠯᠵᠢᠶ᠎ᠠ᠂ ᠮᠤᠩᠭ᠋ᠤᠯ ᠳ᠋ᠠᠢᠢᠲ᠋ᠠ ᠬᠦᠮᠦᠷᠭᠡ ᠪᠠᠢᠢᠭᠤᠯᠬᠤ᠂ ᠸᠢᠴᠠᠲ ᠠᠵᠢᠯᠯᠠᠭᠤᠯᠬᠤ ᠵᠡᠷᠭᠡ ᠲᠦᠰᠦᠯ ᠤᠳ ᠢ ᠬᠡᠷᠡᠭᠵᠢᠬᠦᠯᠪᠡ᠃ ᠵᠢᠯ ᠭᠠᠷᠤᠢ ᠶᠢᠨ ᠴᠢᠷᠮᠠᠢᠢᠯᠭ᠎ᠠ ᠪᠡᠷ ᠡᠨᠡᠬᠦ ᠲᠦᠰᠦᠯ ᠤᠳ ᠨᠢ ᠤᠲᠤ ᠵᠢᠩᠭᠢᠨᠢ ᠪᠡᠷ ᠠᠰᠢᠭᠯᠠᠯᠲᠠ ᠳᠤ ᠤᠷᠤᠵᠤ ᠡᠬᠢᠯᠡᠵᠡᠢ᠃

    ᠦᠪᠦᠷ ᠮᠤᠩᠭ᠋ᠤᠯ ᠤᠨ ᠤᠷᠤᠨ ᠨᠤᠲᠤᠭ ᠤᠨ ᠤᠢᠢᠯᠠᠯᠭ᠎ᠠ ᠶᠢᠨ ᠮᠤᠩᠭ᠋ᠤᠯ ᠬᠢᠲᠠᠳ ᠮᠡᠲᠡᠭᠡᠯᠡᠯ ᠤᠨ ᠲᠠᠪᠴᠠᠩ ᠠᠰᠢᠭᠯᠠᠯᠳᠠ ᠳᠤ ᠤᠷᠤᠭᠰᠠᠨ ᠶᠠᠪᠤᠳᠠᠯ ᠨᠢ ᠦᠪᠦᠷ ᠮᠤᠩᠭ᠋ᠤᠯ ᠤᠨ ᠤᠷᠤᠨ ᠨᠤᠲᠤᠭ ᠤᠨ ᠤᠢᠢᠯᠠᠯᠭ᠎ᠠ ᠶᠢ ᠰᠤᠷᠠᠭ ᠵᠠᠩᠬᠢᠴᠢᠯᠠᠬᠤ ᠪᠠᠢᠢᠭᠤᠯᠤᠯᠲᠠ ᠵᠢᠴᠢ ᠮᠠᠨ ᠤ ᠤᠯᠤᠰ ᠤᠨ ᠴᠦᠬᠡᠨ ᠲᠤᠭᠠᠲᠤ ᠦᠨᠳᠦᠰᠦᠲᠡᠨ ᠤ ᠤᠷᠤᠨ ᠨᠤᠲᠤᠭ ᠤᠨ ᠤᠢᠢᠯᠠᠯᠭ᠎ᠠ ᠶᠢᠨ ᠰᠤᠷᠠᠭ ᠵᠠᠩᠬᠢᠴᠢᠯᠡᠯᠲᠡ ᠶᠢᠨ ᠬᠦᠭ᠍ᠵᠢᠯᠲᠠ ᠶᠢ ᠲᠠᠢᠢᠴᠢᠯᠠᠬᠤ ᠳ᠋ᠤ ᠮᠠᠰᠢ ᠴᠢᠬᠤᠯᠠ ᠠᠴᠢ ᠬᠤᠯᠪᠤᠭᠲᠠᠯ ᠲᠠᠢ ᠶᠤᠮ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
关闭
010070230030000000000000011120791120066516