蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ ᠰᠢᠯᠤᠭᠤᠨ ᠬᠦᠬᠡ ᠬᠤᠰᠢᠭᠤ ᠮᠠᠯᠴᠢᠨ ᠳᠠᠷᠢᠶᠠᠴᠢᠳ ᠲᠤ ᠡᠷᠡᠬᠦᠯ ᠮᠡᠨᠳᠦ ᠶᠢᠨ ᠳᠦᠯᠦᠪᠦᠷᠢ ᠦᠬᠡᠢ ᠦᠨᠡᠯᠡᠬᠡ ᠬᠢᠵᠤ ᠦᠭᠴᠤ ᠪᠤᠢ

2016-12-12 15:22

    ᠤᠶᠢᠷ᠎ᠠ ᠶᠢᠨ ᠡᠳᠦᠷ᠂ ᠦᠪᠦᠷ ᠮᠤᠩᠭᠤᠯ ᠤᠨ ᠰᠢᠯᠤᠭᠤᠨ ᠬᠦᠬᠡ ᠬᠤᠰᠢᠭᠤ ᠨᠢ ᠮᠠᠯᠴᠢᠨ ᠳᠠᠷᠢᠶᠠᠴᠢᠳ ᠢᠶᠡᠨ ᠵᠤᠬᠢᠶᠠᠨ ᠪᠠᠶᠢᠭᠤᠯᠵᠤ ᠬᠤᠰᠢᠭᠤᠨ ᠤ ᠡᠮᠨᠡᠯᠬᠡ ᠳᠤ ᠪᠠᠰᠠ ᠨᠢᠬᠡ ᠤᠳᠠᠭᠠᠨ ᠤ ᠦᠨ᠎ᠡ ᠳᠦᠯᠦᠪᠦᠷᠢ ᠦᠬᠡᠢ ᠡᠷᠡᠬᠦᠯ ᠮᠡᠨᠳᠦ ᠶᠢᠨ ᠦᠨᠡᠯᠡᠬᠡ ᠬᠢᠵᠤ ᠦᠭᠬᠦᠯ᠎ᠡ᠃

    ᠰᠢᠯᠤᠭᠤᠨ ᠬᠦᠬᠡ ᠬᠤᠰᠢᠭᠤ ᠨᠢ 2014 ᠤᠨ ᠳᠤ ᠬᠤᠰᠢᠭᠤᠨ ᠤ ᠪᠡᠨ ᠡᠮᠨᠡᠯᠬᠡ ᠳᠤ ᠳᠤᠰᠬᠠᠢ ᠡᠷᠡᠬᠦᠯ ᠮᠡᠨᠳᠦ ᠶᠢᠨ ᠦᠨᠡᠯᠡᠬᠡᠨ ᠤ ᠳᠦᠪ ᠪᠠᠶᠢᠭᠤᠯᠵᠤ᠂ ᠮᠠᠯᠴᠢᠨ ᠳᠠᠷᠢᠶᠠᠴᠢᠳ ᠲᠤ ᠦᠢᠯᠡᠴᠢᠯᠡᠬᠦ ᠪᠤᠯᠵᠠᠢ᠃ ᠦᠩᠬᠡᠷᠡᠭᠰᠡᠨ ᠳᠤ ᠡᠷᠡᠬᠦᠯ ᠮᠡᠨᠳᠦ ᠶᠢᠨ ᠦᠨᠡᠯᠡᠬᠡᠨ ᠤ ᠮᠠᠰᠢᠨ ᠲᠠᠢ ᠭᠠᠴᠠᠭ᠎ᠠ ᠳᠤᠰᠬᠤᠨ ᠢᠶᠡᠷ ᠬᠦᠷᠳᠡᠭ ᠪᠠᠶᠢᠭᠰᠠᠨ ᠡᠴᠡ ᠪᠡᠨ ᠤᠳᠤ ᠬᠤᠰᠢᠭᠤᠨ ᠤ ᠡᠮᠨᠡᠯᠬᠡ ᠳᠤ ᠳᠦᠪᠯᠡᠷᠡᠬᠦᠯᠦᠨ ᠡᠷᠡᠬᠦᠯ ᠮᠡᠨᠳᠦ ᠶᠢᠨ ᠦᠨᠡᠯᠡᠬᠡ ᠬᠢᠳᠡᠭ ᠪᠤᠯᠤᠭᠰᠠᠨ ᠨᠢ ᠦᠨᠡᠯᠡᠬᠡ ᠶᠢᠨ ᠴᠢᠨᠠᠷᠳᠠᠢ᠂ ᠵᠦᠪ ᠤᠨᠤᠪᠴᠢᠳᠠᠢ ᠶᠢ ᠤᠯᠠᠮ ᠰᠠᠶᠢᠨ ᠪᠠᠳᠤᠯᠠᠵᠤ ᠴᠢᠳᠠᠭᠰᠠᠨ ᠳᠡᠳᠦᠢ ᠦᠬᠡᠢ ᠬᠦᠳᠡᠬᠡ ᠤᠷᠤᠨ ᠨᠤᠳᠤᠭ ᠲᠤ ᠤᠷᠤᠰᠢᠨ ᠠᠮᠢᠳᠤᠷᠠᠭ᠎ᠠ ᠬᠦᠮᠦᠰ ᠤᠨ ᠬᠡᠷ ᠪᠦᠯᠢ ᠶᠢᠨ ᠵᠤᠯ ᠵᠢᠷᠭᠠᠯ᠂ ᠪᠡᠶ᠎ᠡ ᠮᠠᠬᠠᠪᠤᠳ ᠤᠨ ᠡᠷᠡᠬᠦᠯ ᠮᠡᠨᠳᠤ ᠶᠢ ᠤᠯᠠᠮ ᠰᠠᠶᠢᠨ ᠪᠠᠳᠤᠯᠠᠵᠤ ᠴᠢᠳᠠᠭᠰᠠᠨ ᠶᠤᠮ᠃

    ᠡᠨᠡᠬᠦ ᠠᠵᠢᠯ ᠢ ᠡᠬᠢᠯᠡᠬᠦᠯᠦᠭᠰᠡᠨ ᠡᠴᠡ ᠨᠠᠭᠠᠰᠢᠬᠢ 3 ᠵᠢᠯ ᠤᠨ ᠳᠤᠷᠰᠢ᠂ ᠳᠤᠰ ᠬᠤᠰᠢᠭᠤ ᠨᠢ ᠨᠡᠶᠢᠳᠡ 4952 ᠮᠠᠯᠴᠢᠨ ᠳᠠᠷᠢᠶᠠᠴᠢᠨ ᠳᠤ ᠦᠨ᠎ᠡ ᠳᠦᠯᠦᠪᠦᠷᠢ ᠦᠬᠡᠢ ᠡᠷᠡᠬᠦᠯ ᠮᠡᠨᠳᠦ ᠶᠢᠨ ᠦᠨᠡᠯᠡᠬᠡ ᠬᠢᠵᠤ᠂ ᠴᠢᠰᠤᠨ ᠳᠠᠷᠤᠯᠳᠠ ᠦᠨᠳᠦᠷ 244 ᠬᠦᠮᠦᠨ᠂ ᠰᠢᠬᠢᠷ ᠰᠢᠵᠢᠩ ᠤᠨ ᠡᠪᠡᠳᠴᠢᠨ ᠲᠠᠢ 82 ᠬᠦᠮᠦᠨ᠂ ᠡᠯᠢᠬᠡᠨ ᠤ ᠦᠷᠪᠢᠰᠦᠯ ᠲᠠᠢ 66 ᠬᠦᠮᠦᠨ᠂ ᠠᠭᠤᠰᠬᠢᠨ ᠰᠦᠷᠢᠶ᠎ᠠ ᠲᠠᠢ 1 ᠬᠦᠮᠦᠨ᠂ ᠡᠯᠢᠬᠡ ᠰᠦᠰᠦᠨ ᠤ ᠰᠢᠰᠲ᠋ᠧᠮ ᠤᠨ ᠡᠪᠡᠳᠴᠢᠨ ᠲᠠᠢ 1228 ᠬᠦᠮᠦᠨ᠂ ᠬᠤᠤᠷᠳᠤ ᠬᠠᠪᠤᠳᠠᠷ ᠤᠨ ᠮᠠᠭᠠᠳᠯᠠᠯ ᠲᠠᠢ 10 ᠬᠦᠮᠦᠨ ᠢ ᠳᠤᠳᠤᠯᠠᠵᠤ᠂ ᠳᠡᠳᠡᠨᠡᠷ ᠲᠤ ᠡᠮᠴᠢᠯᠡᠬᠡᠨ ᠤ ᠴᠠᠭ ᠳᠤᠬᠢᠶᠠᠯ ᠢ ᠠᠮᠵᠢᠭᠤᠯᠵᠤ ᠦᠭᠬᠦᠭᠰᠡᠨ ᠪᠠᠶᠢᠨ᠎ᠠ᠃

ᠢᠷᠡᠯᠳᠡ᠄ ᠦᠪᠦᠷ ᠮᠤᠩᠭ᠋ᠤᠯ ᠤᠨ ᠰᠤᠨᠢᠨ ᠮᠡᠳᠡᠬᠡ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
关闭
010070230030000000000000011120701120101586