蒙古文网站Logo
ᠰᠢᠨᠬᠤᠸᠠ ᠮᠤᠩᠭ᠋ᠤᠯ ᠨᠧᠲ

ᠰᠢᠨᠵᠢᠶᠠᠩ ᠤᠯᠠᠨ ᠤᠯᠤᠰ ᠤᠨ ᠵᠤᠷᠰᠢᠯ ᠲᠠᠢ ᠵᠤᠯᠭᠠᠭᠤᠯᠤᠭᠰᠠᠨ ᠮᠤᠷᠢᠨ ᠤᠷᠤᠯᠲᠤᠭᠠᠨ ᠤ ᠲᠠᠯᠠᠪᠤᠷ ᠪᠠᠢᠢᠭᠤᠯᠬᠤ ᠪᠡᠷ ᠪᠤᠢ

2017-01-13 17:36

    ᠰᠢᠨᠬᠤᠸᠠ ᠬᠤᠷᠢᠶ᠎ᠠ   ᠦᠷᠦᠮᠴᠢ ᠶᠢᠨ 1 ᠰᠠᠷ᠎ᠠ ᠶᠢᠨ 12 ᠤᠨ ᠡᠲᠦᠷ ᠤᠨ ᠴᠠᠬᠢᠯᠭᠠᠨ ᠮᠡᠲᠡᠭᠡ ( ᠡᠾᠸ ᠵᠢᠶᠦ᠋ᠨ᠂ ᠰᠦᠨ ᠱᠤᠤ ᠰᠢᠶᠦ᠋ᠩ ) ᠰᠢᠨᠵᠢᠶᠠᠩ ᠮᠤᠷᠢ ᠤᠷᠤᠯᠲᠤᠭᠤᠯᠬᠤ ᠦᠢᠯᠡᠰ ᠢ ᠪᠦᠬᠦ ᠬᠦᠴᠦᠨ ᠶᠢᠡᠷ ᠶᠢᠡᠨ ᠬᠦᠭ᠍ᠵᠢᠬᠦᠯᠵᠦ᠂ ᠢᠷᠡᠬᠦ 5 ᠵᠢᠯ ᠤᠨ ᠲᠤᠲᠤᠷ᠎ᠠ ᠮᠤᠷᠢ ᠤᠷᠤᠯᠲᠤᠭᠤᠯᠬᠤ ᠨᠦᠬᠦᠴᠡᠯ ᠵᠦᠭᠡᠷ ᠤᠷᠤᠨ ᠨᠤᠲᠤᠭ ᠲᠤ ᠤᠯᠠᠨ ᠤᠯᠤᠰ ᠤᠨ ᠵᠤᠷᠰᠢᠯ ᠳ᠋ᠤ ᠵᠤᠯᠭᠠᠭᠤᠯᠤᠭᠰᠠᠨ 3 ᠡᠴᠡ 5 ᠮᠤᠷᠢᠨ ᠤᠷᠤᠯᠲᠤᠭᠠᠨ ᠤ ᠲᠠᠯᠠᠪᠤᠷ ᠪᠠᠢᠢᠭᠤᠯᠬᠤ ᠪᠡᠷ ᠲᠦᠯᠦᠪᠯᠡᠵᠦ᠂ ᠠᠲᠤᠭᠤᠨ ᠰᠤᠶᠤᠯ ᠤᠨ ᠰᠠᠭᠤᠷᠢ ᠲᠠᠢ ᠵᠸᠦ᠂ ᠰᠢᠶᠠᠨ ᠳ᠋ᠤ ᠢᠵᠢ ᠪᠦᠷᠢᠲᠦᠬᠦᠯᠦᠭᠰᠡᠨ ᠮᠤᠷᠢᠨ ᠤᠷᠤᠯᠲᠤᠭᠠᠨ ᠤ ᠲᠠᠯᠠᠪᠤᠷ ᠪᠠᠢᠢᠭᠤᠯᠬᠤ ᠭᠡᠵᠦ ᠪᠠᠢᠢᠨ᠎ᠠ᠃

    ᠰᠤᠷᠪᠤᠯᠵᠢᠯᠠᠭᠴᠢ ᠰᠢᠨᠵᠢᠶᠠᠩ ᠤᠨ ᠤᠢᠢᠭᠤᠷ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠲᠤᠨ ᠡᠴᠡ ᠤᠢᠢᠯᠠᠭᠠᠭᠰᠠᠨ ᠶᠢᠡᠷ᠂ ᠮᠤᠷᠢᠨ ᠤᠷᠤᠯᠲᠤᠭᠠᠨ ᠤ ᠲᠠᠯᠠᠪᠤᠷ ᠤᠨ ᠲᠡᠳ᠋ ᠪᠦᠲᠦᠴᠡ ᠶᠢ ᠰᠠᠢᠢᠵᠢᠷᠠᠭᠤᠯᠤᠭᠰᠠᠨ ᠰᠠᠭᠤᠷᠢᠨ ᠳ᠋ᠤ ᠰᠢᠨᠵᠢᠶᠠᠩ ᠤᠯᠤᠰ ᠲᠠᠶᠠᠭᠠᠷ ᠤᠨ᠂ ᠤᠯᠠᠨ ᠤᠯᠤᠰ ᠤᠨ ᠬᠡᠮᠵᠢᠶᠠᠨ ᠤ ᠮᠤᠷᠢᠨ ᠤᠷᠤᠯᠲᠤᠭᠠᠨ ᠢ ᠵᠤᠬᠢᠶᠠᠨ ᠪᠠᠢᠢᠭᠤᠯᠵᠤ ᠶᠠᠪᠤᠭᠲᠠᠭᠤᠯᠤᠨ᠂ ᠤᠯᠤᠰ ᠲᠠᠶᠠᠭᠠᠷ  ᠲᠡᠷᠡᠴᠢᠯᠡᠨ ᠲᠤᠮᠲᠠᠲᠤ ᠠᠽᠢᠶ᠎ᠠ ᠶᠢᠨ ᠮᠤᠷᠢᠨ ᠤᠷᠤᠯᠲᠤᠭᠠᠨ ᠤ ᠴᠢᠬᠤᠯᠠ ᠲᠤᠭᠤᠷᠢᠭ ᠢ ᠪᠠᠢᠢᠭᠤᠯᠬᠤ ᠪᠤᠯᠤᠨ᠎ᠠ᠃ ᠮᠦᠨ ᠵᠠᠬ᠎ᠠ ᠵᠡᠭᠡᠯᠢ ᠶᠢᠨ ᠬᠡᠷᠡᠭᠴᠡᠭᠡᠨ ᠳ᠋ᠤ ᠲᠤᠬᠢᠷᠠᠭᠰᠠᠨ ᠤᠯᠠᠨ ᠤᠯᠤᠰ ᠤᠨ ᠰᠢᠯᠢᠲᠡᠭ ᠡᠭᠦᠯᠲᠡᠷ ᠤᠨ ᠤᠷᠤᠯᠲᠤᠭᠠᠨ ᠮᠤᠷᠢ ᠪᠤᠢᠢᠵᠢᠭᠤᠯᠬᠤ᠂ ᠤᠷᠤᠯᠲᠤᠭᠠᠨ ᠮᠤᠷᠢ ᠰᠤᠷᠭᠠᠬᠤ ᠰᠠᠭᠤᠷᠢᠨ ᠢ ᠪᠠᠢᠢᠭᠤᠯᠬᠤ ᠪᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
关闭
010070230030000000000000011120791120307687