蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ᠄ ᠴᠠᠭᠠᠨ ᠰᠠᠷ᠎ᠠ ᠶᠢᠨ ᠡᠬᠢᠨ ᠶᠢᠡᠷ ᠤᠯᠠᠩᠬᠢ ᠭᠠᠵᠠᠷ ᠶᠢᠡᠷ ᠰᠠᠯᠬᠢ ᠲᠠᠢ ᠵᠠᠷᠢᠮ ᠪᠦᠰᠡ ᠨᠤᠲᠤᠭ ᠶᠢᠡᠷ ᠬᠦᠢᠲᠡᠷᠡᠨ᠎᠎ᠡ

2017-01-25 17:17

    ᠰᠢᠨᠬᠤᠸᠠ ᠮᠤᠩᠭᠤᠯ ᠨᠧᠲ   ᠬᠦᠬᠡᠬᠤᠲᠠ ᠶᠢᠨ 1 ᠰᠠᠷ᠎ᠠ ᠶᠢᠨ 25 ᠤ ᠡᠲᠦᠷ ᠤᠨ ᠴᠠᠬᠢᠯᠭᠠᠨ ᠮᠡᠲᠡᠭᠡ ᠦᠪᠦᠷ ᠮᠤᠩᠭᠤᠯ ᠤᠨ ᠴᠠᠭ ᠠᠭᠤᠷ ᠤᠨ ᠬᠤᠷᠢᠶᠠᠨ ᠤ 25 ᠤ ᠡᠲᠦᠷ ᠤᠨ 8᠄ 00 ᠴᠠᠭ ᠲᠤ ᠤᠷᠢᠳᠴᠢᠯᠠᠨ ᠲᠤᠭᠠᠴᠠᠭᠠᠯᠠᠭᠰᠠᠨ ᠦᠪᠦᠷ ᠮᠤᠩᠭᠤᠯ ᠤᠨ ᠢᠷᠡᠬᠦ ᠲᠤᠯᠤᠭ᠎ᠠ ᠬᠤᠨᠤᠬ ᠤᠨ ᠴᠠᠭ ᠠᠭᠠᠷ ᠤᠨ ᠤᠷᠢᠳᠴᠢᠯᠠᠭᠰᠠᠨ ᠮᠡᠲᠡᠭᠡ᠄ 1 ᠰᠠᠷ᠎ᠠ ᠶᠢᠨ 24 ᠤ ᠡᠲᠦᠷ ᠤᠨ 8᠄ 00 ᠴᠠᠭ ᠡᠴᠡ 25 ᠤ ᠡᠲᠦᠷ ᠤᠨ 8᠄ 00 ᠴᠠᠭ ᠪᠤᠯᠲᠠᠯ᠎ᠠ ᠦᠪᠦᠷ ᠮᠤᠩᠭᠤᠯ ᠤᠨ ᠶᠡᠬᠡᠩᠬᠢ ᠪᠦᠰᠡ ᠨᠤᠲᠤᠭ ᠶᠢᠡᠷ ᠡᠭᠦᠯᠡᠰᠢᠨ᠎ᠡ᠃ ᠪᠠᠷᠠᠭᠤᠨ ᠪᠦᠰᠡ ᠳ᠋ᠤ ᠵᠡᠬᠦᠨ ᠡᠮᠦᠨ᠎ᠡ ᠡᠴᠡ 3 – 4 ᠲᠡᠰ ᠤᠨ ᠰᠠᠯᠬᠢ ᠲᠠᠢ᠃ ᠲᠤᠮᠲᠠ ᠪᠦᠰᠡ ᠳ᠋ᠤ ᠪᠠᠷᠠᠭᠤᠨ ᠡᠮᠦᠨ᠎ᠡ ᠡᠴᠡ 3 – 4 ᠲᠡᠰ ᠤᠨ ᠰᠠᠯᠬᠢ ᠲᠠᠢ᠂ ᠪᠤᠰᠤᠳ ᠪᠦᠰᠡ ᠨᠤᠲᠤᠭ ᠲᠤ ᠪᠠᠷᠠᠭᠤᠨ ᠬᠤᠢᠢᠨ᠎ᠠ ᠡᠴᠡ 3 – 4 ᠲᠡᠰ ᠤᠨ ᠰᠠᠯᠬᠢ ᠲᠠᠢ᠃

    1 ᠰᠠᠷ᠎ᠠ ᠶᠢᠨ 25 ᠤ ᠡᠲᠦᠷ ᠤᠨ 8᠄ 00 ᠴᠠᠭ ᠡᠴᠡ 26 ᠤ ᠡᠲᠦᠷ ᠤᠨ 8᠄ 00 ᠴᠠᠭ ᠪᠤᠯᠲᠠᠯ᠎ᠠ ᠤᠯᠠᠭᠠᠨᠴᠠᠪ ᠤᠨ ᠵᠡᠬᠦᠨ ᠪᠦᠰᠡ᠂ ᠰᠢᠯᠢ ᠶᠢᠨ ᠭᠤᠤᠯ ᠤᠨ ᠡᠮᠦᠨ᠎ᠡ ᠪᠦᠰᠡ᠂ ᠬᠦᠯᠦᠨ ᠪᠤᠢᠢᠷ ᠤᠨ ᠬᠤᠢᠢᠲᠤ ᠪᠦᠰᠡ ᠳ᠋ᠤ ᠡᠬᠦᠯᠡ ᠲᠠᠢ᠂ ᠪᠠᠭ᠎ᠠ ᠴᠠᠰᠤ ᠤᠷᠤᠨ᠎ᠠ᠃ ᠪᠤᠰᠤᠳ ᠪᠦᠰᠡ ᠨᠤᠲᠤᠭ ᠲᠤ ᠡᠭᠦᠯᠡᠰᠢᠨ᠎ᠡ᠃ ᠪᠠᠷᠠᠭᠤᠨ ᠪᠦᠰᠡ ᠳ᠋ᠤ ᠵᠡᠬᠦᠨ ᠡᠮᠦᠨ᠎ᠡ ᠡᠴᠡ 3 – 4 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠪᠠᠷᠠᠭᠤᠨ ᠬᠤᠢᠢᠨ᠎ᠠ ᠡᠴᠡ 4 -5 ᠲᠡᠰ ᠶᠢᠡᠷ ᠰᠠᠯᠬᠢᠯᠠᠨ᠎ᠠ᠂ ᠪᠤᠰᠤᠳ ᠪᠦᠰᠡ ᠨᠤᠲᠤᠭ ᠶᠢᠡᠷ ᠪᠠᠷᠠᠭᠤᠨ ᠬᠤᠢᠢᠨ᠎ᠠ ᠡᠴᠡ 3 – 4 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠲᠦᠷ ᠵᠠᠭᠤᠷ᠎ᠠ 4 – 5 ᠲᠡᠰ ᠲᠤ ᠬᠦᠷᠴᠦ ᠪᠠᠷᠠᠭᠤᠨ ᠡᠮᠦᠨ᠎ᠡ ᠡᠴᠡ ᠰᠠᠯᠬᠢᠯᠠᠨ᠎ᠠ᠃

    1 ᠰᠠᠷ᠎ᠠ ᠶᠢᠨ 26 ᠤ ᠡᠲᠦᠷ ᠤᠨ 8᠄ 00 ᠴᠠᠭ ᠡᠴᠡ 27 ᠤ ᠡᠲᠦᠷ (ᠪᠢᠲᠡᠭᠦᠨ) ᠤᠨ 8᠄ 00 ᠴᠠᠭ ᠪᠤᠯᠲᠠᠯ᠎ᠠ ᠲᠦᠩᠯᠢᠶᠤᠤ ᠶᠢᠨ ᠵᠡᠬᠦᠨ ᠡᠮᠦᠨ᠎ᠡ ᠪᠦᠰᠡ᠂ ᠬᠦᠯᠦᠨ ᠪᠤᠢᠢᠷ ᠤᠨ ᠲᠤᠮᠲᠠ ᠪᠦᠰᠡ᠂ ᠵᠡᠬᠦᠨ ᠬᠤᠢᠢᠲᠤ ᠪᠦᠰᠡ ᠳ᠋ᠤ ᠡᠬᠦᠯᠡ ᠲᠠᠢ᠂ ᠪᠠᠭ᠎ᠠ ᠴᠠᠰᠤ ᠤᠷᠤᠨ᠎ᠠ᠃ ᠪᠤᠰᠤᠳ ᠪᠦᠰᠡ ᠨᠤᠲᠤᠭ ᠲᠤ ᠡᠭᠦᠯᠡᠰᠢᠨ᠎ᠡ᠃ ᠲᠤᠮᠲᠠ ᠪᠦᠰᠡ ᠶᠢᠨ ᠵᠡᠬᠦᠨ ᠬᠡᠰᠡᠭ ᠪᠠ ᠵᠡᠬᠦᠨ ᠪᠦᠰᠡ ᠪᠡᠷ ᠪᠠᠷᠠᠭᠤᠨ ᠡᠮᠦᠨ᠎ᠡ ᠡᠴᠡ 4 – 5 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠲᠦᠷ ᠵᠠᠭᠤᠷ᠎ᠠ 5 – 6 ᠲᠡᠰ ᠲᠤ ᠬᠦᠷᠴᠦ ᠪᠠᠷᠠᠭᠤᠨ ᠬᠤᠢᠢᠨ᠎ᠠ ᠡᠴᠡ ᠰᠠᠯᠬᠢᠯᠠᠨ᠎ᠠ ᠂ ᠪᠤᠰᠤᠳ ᠪᠦᠰᠡ ᠨᠤᠲᠤᠭ ᠲᠤ ᠬᠤᠢᠢᠨ᠎ᠠ ᠡᠴᠡ 3 – 4 ᠲᠡᠰ ᠤᠨ ᠰᠠᠯᠬᠢ ᠲᠠᠢ ᠃ ᠲᠤᠮᠲᠠ ᠵᠡᠬᠦᠨ ᠪᠦᠰᠡ ᠳ᠋ᠤ 6 – 8 ᠭᠷᠠᠳᠦ᠋ᠰ ᠬᠦᠢᠲᠡᠷᠡᠨ᠎ᠡ᠂ ᠵᠡᠬᠦᠨ ᠪᠦᠰᠡ ᠶᠢᠨ ᠡᠮᠦᠨ᠎ᠡ ᠬᠡᠰᠡᠭ ᠶᠢᠡᠷ 8 – 10 ᠭᠷᠠᠳᠦ᠋ᠰ ᠬᠦᠢᠲᠡᠷᠡᠨ᠎ᠡ᠃

    1 ᠰᠠᠷ᠎ᠠ ᠶᠢᠨ 27 ᠤ ᠡᠲᠦᠷ ( ᠪᠢᠲᠡᠭᠦᠨ) ᠤᠨ 8᠄ 00 ᠴᠠᠭ ᠡᠴᠡ 28 ᠤ ᠡᠲᠦᠷ ( ᠰᠢᠨ᠎ᠡ ᠶᠢᠨ ᠨᠢᠭᠡᠨ ) ᠤᠨ 8᠄ 00 ᠴᠠᠭ ᠪᠤᠯᠲᠠᠯ᠎ᠠ ᠵᠡᠬᠦᠨ ᠬᠤᠢᠢᠲᠤ ᠪᠦᠰᠡ ᠳ᠋ᠤ ᠲᠤᠩᠭᠠᠯᠠᠭᠰᠢᠨ᠎ᠡ᠂ ᠪᠤᠰᠤᠳ ᠪᠦᠰᠡ ᠨᠤᠲᠤᠭ ᠲᠤ ᠡᠭᠦᠯᠡᠰᠢᠨ᠎ᠡ᠃ ᠪᠠᠷᠠᠭᠤᠨ ᠪᠦᠰᠡ ᠶᠢᠨ ᠡᠮᠦᠨ᠎ᠡ ᠬᠡᠰᠡᠭ ᠲᠤ ᠬᠤᠢᠢᠨ᠎ᠠ ᠡᠴᠡ 3 – 4 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠵᠡᠬᠦᠨ ᠡᠮᠦᠨ᠎ᠡ ᠡᠴᠡ ᠰᠠᠯᠬᠢᠯᠠᠨ᠎ᠠ᠂ ᠪᠠᠷᠠᠭᠤᠨ ᠪᠦᠰᠡ ᠶᠢᠨ ᠪᠠᠷᠠᠭᠤᠨ ᠬᠡᠰᠡᠭ ᠶᠢᠡᠷ ᠪᠠᠷᠠᠭᠤᠨ ᠡᠴᠡ 3 – 4 ᠲᠡᠰ ᠤᠨ ᠰᠠᠯᠬᠢ ᠲᠠᠢ᠂ ᠪᠤᠰᠤᠳ ᠪᠦᠰᠡ ᠨᠤᠲᠤᠭ ᠲᠤ 4 – 5 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠲᠦᠷ ᠵᠠᠭᠤᠷ᠎ᠠ 5 – 6 ᠲᠡᠰ ᠬᠦᠷᠴᠦ ᠪᠠᠷᠠᠭᠤᠨ ᠡᠴᠡ ᠰᠠᠯᠬᠢᠯᠠᠨ᠎ᠠ᠃

    1 ᠰᠠᠷ᠎᠎ᠠ ᠶᠢᠨ 28 ᠤ ᠡᠲᠦᠷ ( ᠰᠢᠨ᠎ᠡ ᠶᠢᠨ ᠨᠢᠭᠡᠨ ) ᠤᠨ 8᠄ 00 ᠴᠠᠭ ᠡᠴᠡ 29 ᠤ ᠡᠲᠦᠷ ( ᠰᠢᠨ᠎ᠡ ᠶᠢᠨ ᠬᠤᠶᠠᠷ ) ᠤᠨ 8᠄ 00 ᠴᠠᠭ ᠪᠤᠯᠲᠠᠯ᠎ᠠ ᠲᠤᠮᠲᠠ ᠪᠠᠷᠠᠭᠤᠨ ᠪᠦᠰᠡ ᠶᠢᠨ ᠡᠮᠦᠨ᠎᠎ᠠ ᠬᠡᠰᠡᠭ᠂ ᠵᠡᠬᠦᠨ ᠬᠤᠢᠢᠲᠤ ᠪᠦᠰᠡ ᠳ᠋ᠤ ᠡᠭᠦᠯᠡ ᠲᠠᠢ᠂ ᠪᠠᠭ᠎ᠠ ᠴᠠᠰᠤ ᠤᠷᠤᠨ᠎ᠠ᠂ ᠪᠤᠰᠤᠳ ᠪᠦᠰᠡ ᠨᠤᠲᠤᠭ ᠲᠤ ᠡᠭᠦᠯᠡᠰᠢᠨ᠎ᠡ᠃ ᠪᠠᠷᠠᠭᠤᠨ ᠪᠦᠰᠡ ᠪᠠ ᠲᠤᠮᠲᠠ ᠪᠦᠰᠡ ᠶᠢᠨ ᠪᠠᠷᠠᠭᠤᠨ ᠬᠡᠰᠡᠭ ᠶᠢᠡᠷ ᠪᠠᠷᠠᠭᠤᠨ ᠡᠴᠡ 3 – 4 ᠲᠡᠰ ᠤᠨ ᠰᠠᠯᠬᠢ ᠲᠠᠢ᠂ ᠲᠤᠮᠲᠠ ᠪᠦᠰᠡ ᠶᠢᠨ ᠵᠡᠬᠦᠨ ᠬᠡᠰᠡᠭ ᠪᠠ ᠵᠡᠬᠦᠨ ᠪᠦᠰᠡ ᠶᠢᠨ ᠡᠮᠦᠨ᠎ᠡ ᠬᠡᠰᠡᠭ ᠶᠢᠡᠷ 4 – 5 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠲᠦᠷ ᠵᠠᠭᠤᠷ᠎ᠠ 5 – 6 ᠲᠡᠰ ᠲᠤ ᠬᠦᠷᠴᠦ ᠪᠠᠷᠠᠭᠤᠨ ᠬᠤᠢᠢᠨ᠎ᠠ ᠡᠴᠡ ᠰᠠᠯᠬᠢᠯᠠᠨ᠎ᠠ᠂ ᠪᠤᠰᠤᠳ ᠪᠦᠰᠡ ᠨᠤᠲᠤᠭ ᠲᠤ ᠵᠡᠬᠦᠨ ᠬᠤᠢᠢᠨ᠎ᠠ ᠡᠴᠡ 3 – 4 ᠲᠡᠰ ᠤᠨ ᠰᠠᠯᠬᠢ ᠲᠠᠢ᠃ ᠶᠡᠬᠡᠩᠬᠢ ᠪᠦᠰᠡ ᠨᠤᠲᠤᠭ ᠲᠤ 4 – 6 ᠭᠷᠠᠳᠦ᠋ᠰ ᠬᠦᠢᠲᠡᠷᠡᠨ᠎ᠡ᠂ ᠲᠤᠮᠲᠠ ᠵᠡᠬᠦᠨ ᠪᠦᠰᠡ ᠶᠢᠨ ᠡᠮᠦᠨ᠎ᠡ ᠬᠡᠰᠡᠭ ᠶᠢᠡᠷ 6 – 8 ᠭᠷᠠᠳᠦ᠋ᠰ ᠬᠦᠢᠲᠡᠷᠡᠨ᠎ᠡ᠃

    1 ᠰᠠᠷ᠎ᠠ ᠶᠢᠨ 29 ᠤ ᠡᠲᠦᠷ ( ᠰᠢᠨ᠎ᠡ ᠶᠢᠨ ᠬᠤᠶᠠᠷ ) ᠤᠨ 8᠄ 00 ᠴᠠᠭ ᠡᠴᠡ 30 ᠤ ᠡᠲᠦᠷ ( ᠰᠢᠨ᠎ᠡ ᠶᠢᠨ ᠭᠤᠷᠪᠠᠨ ) ᠤᠨ 8᠄ 00 ᠴᠠᠭ ᠪᠤᠯᠲᠠᠯ᠎ᠠ ᠤᠯᠠᠩᠬᠢ ᠪᠦᠰᠡ ᠨᠤᠲᠤᠭ ᠲᠤ ᠡᠭᠦᠯᠡᠰᠢᠨ᠎ᠡ᠃ ᠲᠤᠮᠲᠠ ᠪᠠᠷᠠᠭᠤᠨ ᠪᠦᠰᠡ ᠳ᠋ᠤ ᠵᠡᠬᠦᠨ ᠡᠴᠡ 3 – 4 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠪᠠᠷᠠᠭᠤᠨ ᠬᠤᠢᠢᠨ᠎ᠠ ᠡᠴᠡ ᠰᠠᠯᠬᠢᠯᠠᠨ᠎ᠠ᠃ ᠵᠡᠬᠦᠨ ᠬᠤᠢᠢᠲᠤ ᠪᠦᠰᠡ ᠳ᠋ᠤ ᠬᠤᠢᠢᠨ᠎ᠠ ᠡᠴᠡ 4 – 5 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠲᠦᠷ ᠵᠠᠭᠤᠷ᠎ᠠ 5 – 6 ᠲᠡᠰ ᠲᠤ ᠬᠦᠷᠴᠦ ᠬᠤᠢᠢᠨ᠎ᠠ ᠡᠴᠡ ᠰᠠᠯᠬᠢᠯᠠᠨ᠎ᠠ᠃ ᠪᠤᠰᠤᠳ ᠪᠦᠰᠡ ᠨᠤᠲᠤᠭ ᠲᠤ ᠪᠠᠷᠠᠭᠤᠨ ᠡᠴᠡ 3 – 4 ᠲᠡᠰ ᠤᠨ ᠰᠠᠯᠬᠢ ᠲᠠᠢ᠃

    1 ᠰᠠᠷ᠎᠎ᠠ ᠶᠢᠨ 30 ᠤ ᠡᠲᠦᠷ ( ᠰᠢᠨ᠎ᠡ ᠶᠢᠨ ᠭᠤᠷᠪᠠᠨ ) ᠤᠨ 8᠄ 00 ᠴᠠᠭ ᠡᠴᠡ 31 ᠤ ᠡᠲᠦᠷ ( ᠰᠢᠨ᠎ᠡ ᠶᠢᠨ ᠲᠦᠷᠪᠡᠨ ) ᠤᠨ 8᠄ 00 ᠪᠤᠯᠲᠠᠯ᠎ᠠ ᠰᠢᠯᠢ ᠶᠢᠨ ᠭᠤᠤᠯ ᠤᠨ ᠬᠤᠢᠢᠲᠤ ᠪᠦᠰᠡ᠂ ᠬᠢᠩᠭᠠᠨ ᠤ ᠪᠠᠷᠠᠭᠤᠨ ᠬᠤᠢᠢᠲᠤ ᠪᠦᠰᠡ᠂ ᠬᠦᠯᠦᠨ ᠪᠤᠢᠢᠷ ᠤᠨ ᠡᠮᠦᠨ᠎ᠡ ᠪᠦᠰᠡ ᠳ᠋ᠤ ᠡᠬᠦᠯᠡ ᠲᠠᠢ᠂ ᠪᠠᠭ᠎ᠠ ᠴᠠᠰᠤ ᠤᠷᠤᠨ᠎ᠠ᠃ ᠪᠤᠰᠤᠳ ᠪᠦᠰᠡ ᠨᠤᠲᠤᠭ ᠲᠤ ᠡᠭᠦᠯᠡᠰᠢᠨ᠎ᠡ᠃ ᠲᠤᠮᠲᠠ ᠪᠠᠷᠠᠭᠤᠨ ᠪᠦᠰᠡ ᠳ᠋ᠤ ᠪᠠᠷᠠᠭᠤᠨ ᠡᠮᠦᠨ᠎ᠡ ᠡᠴᠡ 3 – 4 ᠲᠡᠰ ᠤᠨ ᠰᠠᠯᠬᠢ ᠲᠠᠢ᠂ ᠵᠡᠬᠦᠨ ᠪᠦᠰᠡ ᠶᠢᠨ ᠡᠮᠦᠨ᠎ᠡ ᠬᠡᠰᠡᠭ ᠲᠤ ᠪᠠᠷᠠᠭᠤᠨ ᠡᠮᠦᠨ᠎ᠡ ᠡᠴᠡ 4 – 5 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠪᠠᠷᠠᠭᠤᠨ ᠡᠴᠡ ᠰᠠᠯᠬᠢᠯᠠᠨ᠎ᠠ᠃ ᠪᠤᠰᠤᠳ ᠪᠦᠰᠡ ᠨᠤᠲᠤᠭ ᠲᠤ ᠪᠠᠷᠠᠭᠤᠨ ᠡᠴᠡ 3 – 4 ᠲᠡᠰ ᠤᠨ ᠰᠠᠯᠬᠢ ᠲᠠᠢ ᠃ ᠲᠠ ᠪᠦᠬᠦᠨ ᠴᠠᠭ ᠠᠭᠠᠷ ᠤᠨ ᠬᠤᠪᠢᠷᠠᠯᠲᠠ ᠶᠢ ᠴᠠᠭ ᠢᠮᠠᠭᠲᠠ ᠠᠩᠬᠠᠷᠴᠤ᠂ ᠪᠡᠯᠡᠳᠭᠡᠯ ᠠᠵᠢᠯ ᠶᠢᠡᠨ ᠲᠤᠬᠢᠲᠠᠢ ᠬᠢᠵᠦ᠂ ᠰᠠᠷ᠎ᠠ ᠰᠢᠨ᠎ᠡ ᠳ᠋ᠡᠭᠡᠨ ᠰᠠᠢᠢᠬᠠᠨ ᠪᠠᠶᠠᠷᠯᠠᠭᠠᠷᠠᠢ!

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
关闭
010070230030000000000000011120791120382848