蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ ᠭᠠᠳᠠᠭᠠᠳᠤ ᠬᠤᠳᠠᠯᠳᠤᠭᠠᠨ ᠤ ᠡᠺᠰᠫᠤᠷᠲ ᠢᠮᠫᠤᠷᠲ ᠤᠨ ᠶᠡᠷᠦᠩᠬᠡᠢ ᠦᠷᠳᠡᠭ ᠨᠡᠮᠡᠭᠳᠡᠪᠡ

2017-03-14 10:06

    ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠬᠤᠳᠠᠯᠳᠤᠭᠠᠨ ᠤ ᠶᠠᠪᠤᠳᠠᠯ ᠤᠨ ᠳᠢᠩᠬᠢᠮ ᠡᠴᠡ ᠤᠶᠢᠯᠠᠭᠠᠭᠰᠠᠨ ᠢᠶᠡᠷ᠂ 2017 ᠤᠨ ᠤ 1-2 ᠰᠠᠷ᠎ᠠ ᠳᠤ ᠦᠪᠦᠷ ᠮᠤᠩᠭᠤᠯ ᠤᠨ ᠭᠠᠳᠠᠭᠠᠳᠤ ᠬᠤᠳᠠᠯᠳᠤᠭᠠᠨ ᠤ ᠡᠺᠰᠫᠤᠷᠲ ᠢᠮᠫᠤᠷᠲ ᠤᠨ ᠶᠡᠷᠦᠩᠬᠡᠢ ᠦᠷᠳᠡᠭ 20.5 ᠳ᠋ᠦᠩᠰᠢᠭᠤᠷ ᠳ᠋ᠤᠯᠯᠠᠷ ᠲᠤ ᠬᠦᠷᠴᠤ᠂ ᠦᠩᠬᠡᠷᠡᠭᠰᠡᠨ ᠤ ᠠᠳᠠᠯᠢ ᠬᠤᠭᠤᠴᠠᠭᠠᠨ ᠤ ᠬᠢ ᠡᠴᠡ 30.2% ᠢᠶᠡᠷ ᠨᠡᠮᠡᠭᠳᠡᠪᠡ᠃ ᠨᠡᠶᠢᠳᠡ ᠨᠡᠮᠡᠭᠳᠡᠯ ᠤᠨ ᠬᠡᠮᠵᠢᠶ᠎ᠡ ᠨᠢ 1 ᠰᠠᠷ᠎ᠠ ᠶᠢᠨ ᠬᠢ ᠡᠴᠡ 12.2 ᠵᠠᠭᠤᠨ ᠤ ᠬᠠᠷᠢᠴᠠᠯ ᠢᠶᠡᠷ ᠨᠡᠮᠡᠭᠳᠡᠵᠤ᠂ ᠤᠯᠤᠰ ᠲᠠᠶᠠᠭᠠᠷ ᠤᠨ ᠳᠤᠮᠳᠠᠴᠢ ᠨᠡᠮᠡᠭᠳᠡᠯ ᠤᠨ ᠬᠡᠮᠵᠢᠶ᠎ᠡ ᠡᠴᠡ 16.9 ᠵᠠᠭᠤᠨ ᠤ ᠬᠠᠷᠢᠴᠠᠯ ᠢᠶᠡᠷ ᠢᠯᠡᠬᠦᠦ ᠪᠤᠯᠪᠠ᠃

    ᠡᠬᠦᠨ ᠳᠤ᠂ ᠨᠡᠶᠢᠳᠡ ᠢᠮᠫᠤᠷᠲ ᠤᠨ ᠬᠡᠮᠵᠢᠶ᠎ᠡ 13.2 ᠳ᠋ᠦᠩᠰᠢᠭᠤᠷ ᠳ᠋ᠤᠯᠯᠠᠷ ᠬᠦᠷᠴᠤ᠂ ᠦᠩᠬᠡᠷᠡᠭᠰᠡᠨ ᠤ ᠠᠳᠠᠯᠢ ᠬᠤᠭᠤᠴᠠᠭᠠᠨ ᠤ ᠬᠢ ᠡᠴᠡ 35% ᠪᠡᠷ ᠨᠡᠮᠡᠭᠳᠡᠨ᠂ ᠨᠡᠶᠢᠳᠡ ᠡᠺᠰᠫᠤᠷᠲ ᠤᠨ ᠬᠡᠮᠵᠢᠶ᠎ᠡ 7.3 ᠳ᠋ᠦᠩᠰᠢᠭᠤᠷ ᠳ᠋ᠤᠯᠯᠠᠷ ᠬᠦᠷᠴᠤ᠂ ᠦᠩᠬᠡᠷᠡᠭᠰᠡᠨ ᠤ ᠠᠳᠠᠯᠢ ᠬᠤᠭᠤᠴᠠᠭᠠᠨ ᠤ ᠬᠢ ᠡᠴᠡ 22.4% ᠪᠡᠷ ᠨᠡᠮᠡᠭᠳᠡᠵᠡᠢ᠃ ᠤᠶᠢᠯᠠᠭᠠᠭᠰᠠᠨ ᠢᠶᠡᠷ᠂ ᠪᠠᠷᠠᠭᠤᠨ ᠪᠦᠰᠡ ᠶᠢᠨ 12 ᠮᠤᠵᠢ ᠡᠴᠡ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠡᠨᠡ ᠵᠢᠯ ᠤᠨ ᠡᠬᠢᠨ ᠤ ᠬᠤᠶᠠᠷ ᠰᠠᠷ᠎ᠠ ᠳᠡᠬᠢ ᠭᠠᠳᠠᠭᠠᠳᠤ ᠬᠤᠳᠠᠯᠳᠤᠭᠠᠨ ᠤ ᠡᠺᠰᠫᠤᠷᠲ ᠢᠮᠫᠤᠷᠲ ᠤᠨ ᠬᠡᠮᠵᠢᠶ᠎ᠡ᠂ ᠢᠮᠫᠤᠷᠲ ᠤᠨ ᠬᠡᠮᠵᠢᠶ᠎ᠡ᠂ ᠡᠺᠰᠫᠤᠷᠲ ᠤᠨ ᠬᠡᠮᠵᠢᠶ᠎ᠡ ᠨᠢ ᠳᠤᠰ ᠳᠤᠰ ᠳᠤᠯᠤᠭ᠎ᠠ᠂ ᠵᠢᠷᠭᠤᠭ᠎ᠠ᠂ ᠳᠤᠯᠤᠳᠤᠭᠠᠷ ᠪᠠᠶᠢᠷᠢᠨ ᠳᠤ ᠵᠢᠬᠰᠠᠭᠰᠠᠨ ᠪᠠᠶᠢᠨ᠎ᠠ᠃

ᠢᠷᠡᠯᠳᠡ᠄ ᠦᠪᠦᠷ ᠮᠤᠩᠭᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701120623243