蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠪᠠᠶᠢᠴᠠᠭᠠᠬᠤ ᠬᠤᠷᠢᠶ᠎ᠠ ᠠᠩᠬ᠎ᠠ ᠤᠳᠠᠭ᠎ᠠ ᠢᠯᠡ ᠪᠡᠷ ᠡᠷᠡᠭᠦᠦ ᠶᠢᠨ ᠬᠡᠷᠡᠭ ᠤᠨ ᠵᠠᠭᠠᠯᠳᠤᠯᠭ᠎ᠠ ᠶᠢᠨ ᠰᠤᠨᠤᠰᠬᠠᠯ ᠤᠨ ᠬᠤᠷᠠᠯ ᠬᠢᠵᠠᠢ

2017-04-14 11:04

    ᠰᠢᠨᠬᠤᠧᠠ ᠨᠧᠲ   ᠬᠦᠬᠡᠬᠤᠲᠠ ᠶᠢᠨ 4 ᠰᠠᠷ᠎ᠠ ᠶᠢᠨ 13 ᠤ ᠡᠳᠦᠷ ᠤᠨ ᠴᠠᠬᠢᠯᠭᠠᠨ ᠮᠡᠳᠡᠭᠡ (ᠶᠠᠩ ᠲᠡᠭ᠍ᠷᠢ᠂ ᠱᠧᠨ ᠵᠢᠩ ᠹᠠᠩ) 13 ᠤ ᠡᠳᠦᠷ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠪᠠᠶᠢᠴᠠᠭᠠᠬᠤ ᠬᠤᠷᠢᠶ᠎ᠠ ᠡᠴᠡ ᠠᠩᠬ᠎ᠠ ᠤᠳᠠᠭ᠎ᠠ ᠢᠯᠡ ᠪᠡᠷ ᠡᠷᠡᠭᠦᠦ ᠶᠢᠨ ᠬᠡᠷᠡᠭ ᠤᠨ ᠵᠠᠭᠠᠯᠳᠤᠯᠭ᠎ᠠ ᠶᠢᠨ ᠰᠤᠨᠤᠰᠬᠠᠯ ᠤᠨ ᠬᠤᠷᠠᠯ ᠬᠢᠵᠠᠢ᠃ ᠲᠤᠰ ᠤᠳᠠᠭᠠᠨ ᠤ ᠰᠤᠨᠤᠰᠬᠠᠯ ᠤᠨ ᠬᠤᠷᠠᠯ ᠳᠤ᠂ ᠴᠢᠦᠢ ᠤᠪᠤᠭᠲᠤ ᠰᠢᠶ᠋ᠳᠪᠦᠷᠢ ᠶᠢ ᠵᠦᠪᠰᠢᠶᠡᠷᠡᠭᠰᠡᠨ ᠦᠭᠡᠢ ᠳᠠᠬᠢᠨ ᠵᠠᠭᠠᠯᠳᠤᠯᠭ᠎ᠠ ᠲᠤᠷᠠᠳᠤᠭᠰᠠᠨ ᠡᠴᠡ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠪᠠᠶᠢᠴᠠᠭᠠᠬᠤ ᠬᠤᠷᠢᠶ᠎ᠠ  ᠡᠴᠡ ᠡᠷᠡᠭᠦᠦ ᠶᠢᠨ ᠬᠡᠷᠡᠭ ᠢ ᠢᠯᠡ ᠪᠡᠷ ᠬᠢᠨᠠᠨ ᠪᠠᠶᠢᠴᠠᠭᠠᠬᠤ ᠪᠡᠷ ᠲᠤᠭᠲᠠᠵᠠᠢ᠃

    2014 ᠤᠨ ᠤ 7 ᠰᠠᠷ᠎ᠠ ᠳᠤ᠂ ᠴᠢᠦᠢ ᠤᠪᠤᠭᠲᠤ ᠢ ᠪᠠᠭᠳᠠᠭᠠᠭᠰᠠᠨ 3 ᠬᠦᠮᠦᠨ ᠲᠦᠩᠯᠢᠶᠤᠤ ᠬᠤᠲᠠ ᠶᠢᠨ ᠤᠭᠢᠶᠠᠯᠭ᠎ᠠ ᠶᠢᠨ ᠭᠠᠵᠠᠷ ᠪᠤᠰᠤᠳ ᠲᠦ ᠵᠤᠳᠤᠭᠳᠠᠵᠠᠢ᠃ ᠤᠤᠯ ᠬᠡᠷᠡᠭ ᠤᠨ ᠵᠠᠭᠠᠯᠳᠤᠭᠳᠠᠭᠴᠢ ᠵᠠᠩ ᠤᠪᠤᠭᠲᠤ᠂ ᠶᠤᠤ ᠤᠪᠤᠭᠲᠤ᠂ ᠯᠢ ᠤᠪᠤᠭᠲᠤ ᠲᠤᠰ ᠪᠦᠷᠢ ᠡᠷᠡᠭᠦᠦ ᠪᠡᠷ ᠰᠢᠶ᠋ᠳᠭᠡᠭᠳᠡᠵᠠᠢ᠃ ᠵᠠᠭᠠᠯᠳᠤᠭᠴᠢ ᠡᠴᠡ ᠪᠤᠤ ᠤᠪᠤᠭᠲᠤ ᠶᠢ ᠠᠷᠤ ᠲᠠᠯ᠎ᠠ ᠶᠢᠨ ᠦᠳᠦᠭᠡᠭᠴᠢ ᠭᠡᠵᠦ ᠰᠡᠵᠢᠭᠯᠡᠭᠰᠡᠨ ᠳᠦ ᠲᠦᠩᠯᠢᠶᠤᠤ ᠬᠤᠲᠠ ᠶᠢᠨ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠪᠠᠶᠢᠴᠠᠭᠠᠬᠤ ᠬᠤᠷᠢᠶ᠎ᠠ ᠡᠴᠡ ᠪᠤᠤ ᠤᠪᠤᠭᠲᠤ ᠶᠢᠨ ᠵᠤᠷᠢᠭᠤᠳᠠ ᠬᠦᠮᠦᠨ ᠬᠤᠤᠷᠯᠠᠭᠰᠠᠨ ᠡᠰᠡᠬᠦ ᠨᠢ ᠲᠤᠳᠤᠷᠬᠠᠢ ᠦᠭᠡᠢ᠂ ᠭᠡᠷᠡᠴᠢ ᠨᠢ ᠪᠦᠷᠢᠨ ᠪᠤᠰᠤ ᠡᠴᠡ ᠵᠠᠷᠭᠤᠯᠳᠤᠬᠤ ᠦᠭᠡᠢ ᠭᠡᠵᠦ ᠳᠤᠭᠳᠠᠵᠠᠢ᠃ ᠲᠦᠩᠯᠢᠶᠤᠤ ᠬᠤᠲᠠ ᠶᠢᠨ ᠪᠠᠶᠢᠴᠠᠭᠠᠬᠤ ᠬᠤᠷᠢᠶ᠎ᠠ ᠡᠴᠡ ᠳᠠᠬᠢᠨ ᠪᠠᠶᠢᠴᠠᠭᠠᠭᠠᠳ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠪᠠᠶᠢᠴᠠᠭᠠᠬᠤ ᠬᠤᠷᠢᠶ᠎ᠠ ᠶᠢᠨ ᠵᠠᠷᠭᠤᠯᠳᠤᠬᠤ ᠦᠭᠡᠢ ᠭᠡᠰᠡᠨ ᠰᠢᠶ᠋ᠳᠪᠦᠷᠢ ᠶᠢ ᠵᠦᠪᠰᠢᠶᠡᠷᠡᠵᠠᠢ᠃ ᠬᠤᠵᠢᠮ ᠨᠢ ᠴᠢᠦᠢ ᠤᠪᠤᠭᠲᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠪᠠᠶᠢᠴᠠᠭᠠᠬᠤ ᠬᠤᠷᠢᠶ᠎ᠠ ᠳᠦ ᠵᠠᠭᠠᠯᠳᠤᠯᠭ᠎ᠠ ᠳᠤᠷᠠᠳᠪᠠ᠃

    ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠪᠠᠶᠢᠴᠠᠭᠠᠬᠤ ᠬᠤᠷᠢᠶ᠎ᠠ ᠠᠩᠬ᠎ᠠ ᠤᠳᠠᠭ᠎ᠠ ᠢᠯᠡ ᠪᠡᠷ ᠰᠤᠨᠤᠰᠬᠠᠯ ᠤᠨ ᠬᠤᠷᠠᠯ ᠬᠢᠵᠤ᠂ ᠴᠢᠦᠢ ᠤᠪᠤᠭᠲᠤ ᠬᠢᠭᠡᠳ ᠳᠡᠬᠦᠨ ᠤ ᠬᠡᠷᠡᠭ ᠤᠨ ᠨᠠᠶᠢᠳᠠᠯᠭ᠎ᠠ ᠶᠢ ᠬᠦᠯᠢᠶᠡᠭᠰᠡᠨ ᠬᠦᠮᠦᠨ ᠡᠨᠡᠬᠦ ᠬᠤᠷᠠᠯ ᠢᠶᠡᠷ ᠡᠷᠡᠭᠦᠦ ᠶᠢᠨ ᠬᠡᠷᠡᠭ ᠤᠨ ᠵᠠᠭᠠᠯᠳᠤᠯᠭ᠎ᠠ ᠶᠢ ᠵᠦᠪᠰᠢᠶᠡᠷᠡᠬᠦ ᠦᠭᠡᠢ ᠰᠢᠯᠲᠠᠭᠠᠨ ᠢᠶᠡᠨ ᠲᠤᠭᠠᠴᠢᠵᠠᠢ᠃ ᠤᠤᠯ ᠬᠡᠷᠡᠭ ᠤᠨ ᠬᠠᠷᠢᠭᠤᠴᠠᠨ ᠭᠦᠢᠴᠡᠳᠭᠡᠭᠴᠢ ᠪᠠ ᠳᠠᠬᠢᠨ ᠪᠠᠶᠢᠴᠠᠭᠠᠯᠲᠠ ᠶᠢᠨ ᠬᠠᠷᠢᠭᠤᠴᠠᠨ ᠭᠦᠢᠴᠡᠳᠭᠡᠭᠴᠢ ᠲᠤᠰ ᠪᠦᠷᠢ ᠤᠤᠯ ᠰᠢᠶ᠋ᠳᠪᠦᠷᠢ ᠶᠢ ᠵᠦᠪᠰᠢᠶᠡᠷᠡᠨ᠂ ᠪᠤᠳᠠᠲᠤ ᠬᠡᠷᠡᠭ ᠤᠨ ᠭᠡᠷᠡᠴᠢ ᠬᠢᠭᠡᠳ ᠬᠠᠤᠯᠢ ᠶᠢᠨ ᠦᠨᠳᠦᠰᠦᠯᠡᠯ ᠢ ᠲᠠᠶᠢᠯᠪᠤᠷᠢᠯᠠᠵᠠᠢ᠃ ᠬᠤᠶᠠᠷ ᠲᠠᠯ᠎ᠠ ᠶᠢᠨ ᠲᠤᠭᠠᠴᠢᠯᠲᠠ ᠵᠦᠷᠢᠴᠡᠯ ᠭᠠᠷᠴᠤ᠂ ᠬᠤᠷᠠᠯ ᠡᠴᠡ ᠲᠤᠰᠠᠭᠠᠷ ᠨᠢ ᠰᠢᠶ᠋ᠳᠪᠦᠷᠢᠯᠡᠬᠦ ᠪᠡᠷ ᠲᠤᠭᠲᠠᠵᠠᠢ᠃ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠪᠠᠶᠢᠴᠠᠭᠠᠬᠤ ᠬᠤᠷᠢᠶ᠎ᠠ ᠶᠢᠨ ᠠᠷᠠᠳ ᠤᠨ ᠬᠢᠨᠠᠭᠴᠢ᠂ ᠦᠪᠦᠷ ᠮᠤᠩᠭᠤᠯ ᠤᠨ ᠡᠳ᠋ ᠤᠨ ᠵᠠᠰᠠᠭ ᠤᠨ ᠶᠡᠬᠡ ᠰᠤᠷᠭᠠᠭᠤᠯᠢ ᠶᠢᠨ ᠬᠠᠤᠯᠢ ᠴᠠᠭᠠᠵᠠ ᠶᠢᠨ ᠳᠡᠭᠡᠳᠦ ᠰᠤᠷᠭᠠᠭᠤᠯᠢ ᠶᠢᠨ ᠨᠡᠶᠢᠲᠡ ᠶᠢᠨ ᠬᠠᠤᠯᠢ ᠶᠢᠨ ᠰᠠᠯᠪᠤᠷᠢ ᠶᠢᠨ ᠫᠷᠤᠹᠧᠰᠰᠤᠷ᠂ ᠲᠤᠰ ᠬᠤᠷᠠᠯ ᠤᠨ ᠰᠤᠨᠤᠰᠤᠭᠴᠢ ᠱᠧᠨ ᠶᠤᠧᠠᠨ ᠵᠧᠦ ᠪᠠᠶᠢᠴᠠᠭᠠᠬᠤ ᠬᠤᠷᠢᠶ᠎ᠠ ᠶᠢᠨ ᠵᠠᠷᠭᠤᠯᠳᠤᠬᠤ ᠦᠭᠡᠢ ᠰᠢᠶ᠋ᠳᠪᠦᠷᠢ ᠶᠢ ᠵᠦᠪᠰᠢᠶᠡᠷᠡᠨ᠎ᠡ ᠭᠡᠵᠤ ᠰᠠᠨᠠᠯ ᠢᠶᠡᠨ ᠢᠯᠡᠷᠬᠡᠢᠯᠡᠵᠠᠢ᠃ ᠲᠡᠷᠡ ᠪᠠᠰᠠ ᠪᠠᠶᠢᠴᠠᠭᠠᠬᠤ ᠠᠯᠪᠠᠨ ᠪᠠᠶᠢᠭᠤᠯᠤᠯᠭ᠎ᠠ ᠡᠴᠡ ᠵᠠᠭᠠᠯᠳᠤᠭᠴᠢ ᠶᠢᠨ ᠳᠤᠷᠠᠳᠤᠭᠰᠠᠨ ᠪᠤᠳᠠᠲᠤ ᠬᠡᠷᠡᠭ ᠪᠠ ᠰᠦᠪᠡᠭᠴᠢ ᠳᠦ ᠪᠠᠶᠢᠴᠠᠭᠠᠯᠲᠠ ᠬᠢᠪᠡᠯ ᠵᠤᠬᠢᠨ᠎ᠠ ᠭᠡᠵᠠᠢ᠃ ᠋᠋

    ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠪᠠᠶᠢᠴᠠᠭᠠᠬᠤ ᠬᠤᠷᠢᠶ᠎ᠠ ᠶᠢᠨ ᠪᠠᠶᠢᠴᠠᠭᠠᠬᠤ ᠭᠠᠵᠠᠷ ᠤᠨ ᠲᠡᠳ᠋ ᠭᠠᠵᠠᠷ ᠤᠨ ᠳᠠᠷᠤᠭ᠎ᠠ ᠵᠠᠩ ᠰᠢᠤᠧᠢ ᠷᠦᠧᠧ ᠡᠴᠡ ᠲᠤᠰ ᠤᠳᠠᠭᠠᠨ ᠤ ᠰᠤᠨᠤᠰᠬᠠᠯ ᠤᠨ ᠬᠤᠷᠠᠯ ᠨᠢ ᠠᠷᠠᠳ ᠤᠨ ᠪᠠᠶᠢᠴᠠᠭᠠᠬᠤ ᠬᠤᠷᠢᠶ᠎ᠠ ᠶᠢᠨ ᠬᠠᠮᠤᠭ ᠦᠨᠳᠦᠷ ᠬᠤᠷᠢᠶ᠎ᠠ ᠶᠢᠨ ᠴᠢᠩᠭ᠎ᠠ᠎ ᠨᠢᠮᠪᠠᠢ ᠶᠠᠪᠤᠴᠠ ᠪᠡᠷ ᠢᠯᠡ ᠪᠡᠷ ᠶᠠᠪᠤᠭᠳᠠᠵᠤ᠂ ᠪᠠᠶᠢᠴᠠᠭᠠᠬᠤ ᠠᠯᠪᠠᠨ ᠪᠠᠶᠢᠭᠤᠯᠤᠯᠭ᠎ᠠ ᠡᠴᠡ ᠡᠯ᠎ᠡ ᠲᠠᠯ᠎ᠠ ᠶᠢᠨ ᠰᠠᠨᠠᠯ ᠢ ᠪᠦᠷᠢᠨ ᠪᠤᠳᠤᠯᠬᠢᠯᠠᠭᠰᠠᠨ ᠭᠡᠵᠠᠢ᠃ (ᠳᠠᠳᠤᠯᠭ᠎ᠠ ᠶᠢᠨ ᠰᠤᠷᠤᠭᠴᠢ ᠲᠠᠨ᠎ᠠ ᠤᠷᠴᠢᠭᠤᠯᠪᠠ)

ᠰᠤᠨᠤᠰᠬᠠᠯ ᠤᠨ ᠬᠤᠷᠠᠯ ᠤᠨ ᠠᠬᠤᠢ ᠲᠠᠯᠠᠪᠤᠷ (ᠵᠢᠷᠤᠭ ᠢ ᠶᠠᠩ ᠲᠡᠭ᠍ᠷᠢ )

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120701120810121